| ᠡᠪᠦᠯ ᠤᠨ ᠣᠯᠠᠷᠢᠯ ᠤᠨ ᠨᠠᠶᠢᠷ ᠨᠠᠭᠠᠳᠣᠮ ᠣᠶᠢᠷᠠᠳᠣᠬᠤ ᠶᠢ ᠲᠠᠭᠠᠯᠳᠣᠨ ᠨᠠᠷᠠᠨᠴᠡᠴᠡᠭ ᠡᠵᠢ ᠶᠢᠨ ᠣᠶᠣᠳᠠᠯ ᠤᠨ | ᠵᠠᠬᠢᠶᠠᠯᠠᠭ᠎ᠠ ᠣᠯᠠᠨ ᠢᠶᠠᠷ ᠨᠡᠮᠡᠭᠳᠡᠵᠦ᠂ ᠨᠠᠰᠣᠳᠠᠨ ᠴᠣ᠋ ᠬᠢᠵᠦ ᠴᠢᠳᠠᠬᠤ ᠵᠦᠢᠯ ᠢᠶᠠᠨ ᠬᠦᠮᠦᠰ ᠲᠤ ᠲᠠᠨᠢᠭᠳᠠᠵᠣ᠂ | ᠬᠦᠳᠡᠯᠮᠦᠷᠢ ᠶᠢᠨ ᠢᠶᠠᠨ ᠦᠷ᠎ᠡ ᠪᠦᠳᠦᠭᠡᠯ ᠢ ᠬᠦᠷᠳᠡᠵᠦ ᠶᠠᠪᠣᠭ᠎ᠠ ᠳᠠᠭᠠᠨ ᠪᠠᠶᠠᠷᠳᠠᠢ ᠰᠠᠭᠤᠨ᠎ᠠ᠃ | ᠪᠠᠶᠠᠨᠬᠤᠸᠠ ᠪᠠᠯᠭᠠᠰᠣᠨ ᠤ ᠰᠠᠶᠢᠨᠨ᠋ᠦ᠋ᠨᠳᠦᠷ ᠭᠠᠴᠠᠭᠠᠨ ᠳᠤ ᠮᠠᠯᠵᠢᠬᠤ ᠠᠮᠢᠳᠣᠷᠠᠯ ᠢᠶᠠᠨ ᠡᠷᠬᠢᠯᠡᠵᠦ ᠶᠠᠪᠣᠳᠠᠭ | ᠨᠠᠷᠠᠨᠴᠡᠴᠡᠭ ᠡᠵᠢ 2007 ᠣᠨ ᠳᠤ ᠭᠡᠷ ᠪᠦᠯᠢ ᠪᠠᠷ ᠢᠶᠠᠨ ᠬᠤᠳᠠ ᠳᠤ ᠢᠷᠡᠵᠦ ᠰᠠᠭᠤᠷᠢᠰᠢᠵᠠᠢ᠂ ᠬᠦᠳᠡᠭᠡ ᠪᠠᠨ | ᠠᠵᠢᠯ ᠬᠦᠳᠡᠯᠮᠦᠷᠢ ᠬᠢᠵᠦ ᠳᠠᠳᠣᠭᠰᠠᠨ ᠲᠡᠷᠡᠪᠡᠷ ᠬᠤᠳᠠ ᠭᠠᠵᠠᠷ ᠢᠷᠡᠭᠰᠡᠨ ᠴᠦ ᠣᠶᠣᠳᠠᠯ ᠬᠢᠳᠡᠯ ᠢᠶᠠᠨ ᠣᠷᠬᠢᠭᠰᠠᠨ | ᠦᠭᠡᠢ᠂ ᠦᠨᠡᠬᠡᠨ ᠪᠦᠰᠡᠯᠡᠬᠦᠷ᠂ ᠬᠤᠷᠠᠭᠠᠨ ᠮᠠᠯᠠᠭᠠᠢ᠂ ᠲᠡᠪᠡᠯ ᠬᠤᠪᠴᠠᠰᠣ ᠣᠶᠣᠵᠣ᠂ ᠦᠳᠡᠯᠦᠭᠡ ᠨᠠᠰᠣ ᠪᠠᠨ | ᠬᠢᠵᠦ ᠪᠦᠳᠦᠭᠡᠬᠦ ᠠᠵᠢᠯ ᠲᠠᠢ᠂ ᠣᠳᠬ᠎ᠠ ᠠᠭᠤᠯᠭ᠎ᠠ ᠪᠠᠷ ᠲᠦᠭᠦᠷᠡᠩ ᠥᠩᠭᠡᠷᠡᠭᠡᠵᠦ ᠶᠠᠪᠣᠨ᠎ᠠ᠃ | ᠠᠪᠤ ᠡᠵᠢ ᠶᠢᠨ ᠢᠶᠠᠨ ᠠᠵᠢᠯᠴᠢ ᠬᠦᠳᠡᠯᠮᠦᠷᠢᠴᠢ᠂ ᠣᠷ᠎ᠠ ᠣᠶᠣᠳᠠᠯ ᠳᠤ ᠠᠪᠢᠶᠠᠰ ᠲᠠᠢ ᠪᠠᠶᠢᠳᠠᠭ ᠣᠨᠴᠠᠯᠢᠭ ᠢ | ᠲᠠᠭᠤᠷᠢᠶᠠᠨ᠂ ᠲᠣᠷ᠎ᠠ ᠪᠠᠬ᠎ᠠ ᠪᠠᠨ ᠪᠣᠯᠭᠠᠨ ᠪᠠᠭ᠎ᠠ ᠠᠴᠠ ᠣᠳᠠᠰᠣ ᠵᠡᠭᠦᠦ ᠳᠤ ᠪᠠᠭ᠋ᠠᠳᠠᠢ ᠦᠰᠦᠭᠰᠡᠨ ᠨᠠᠷᠠᠨᠴᠡᠴᠡᠭ | ᠨᠠᠰᠣᠳᠠᠨ᠂ ᠣᠯᠠᠨ ᠵᠦᠢᠯ ᠤᠨ ᠣᠯᠠᠮᠵᠢᠯᠠᠯᠲᠣ ᠮᠠᠶ᠋ᠢᠭ ᠤᠨ ᠮᠠᠯᠠᠭᠠᠢ ᠣᠶᠣᠬᠤ ᠳᠤ ᠮᠡᠷᠭᠡᠰᠢᠵᠦ᠂ ᠦᠨᠡᠬᠡᠨ | ᠪᠦᠰᠡᠯᠡᠬᠦᠷ᠂ ᠲᠣᠭᠤᠷᠢᠭᠤᠯ ᠮᠠᠯᠠᠭᠠᠢ᠂ ᠬᠤᠷᠠᠭᠠᠨ ᠮᠠᠯᠠᠭᠠᠢ᠂ ᠲᠣᠭᠤᠰ ᠮᠠᠯᠠᠭᠠᠢ ᠵᠡᠷᠭᠡ ᠶᠢ ᠬᠠᠭᠤᠴᠢᠨ᠂ | ᠪᠠᠷᠢᠮᠵᠢᠶᠠᠯᠢᠭ ᠬᠡᠪ ᠵᠠᠭᠪᠣᠷ ᠢᠶᠠᠷ ᠨᠢ ᠣᠶᠣᠵᠣ ᠣᠷᠠᠯᠠᠳᠠᠭ ᠨᠢ ᠣᠯᠠᠨ ᠬᠦᠮᠦᠨ ᠤ ᠠᠩᠬᠠᠷᠣᠯ ᠳᠤ ᠬᠦᠷᠦᠭᠰᠡᠨ | ᠪᠠᠶᠢᠯ᠎ᠠ᠃ | ᠣᠶᠢᠯᠠᠭᠠᠭᠰᠠᠨ ᠢᠶᠠᠷ᠂ ᠨᠠᠷᠠᠨᠴᠡᠴᠡᠭ ᠨᠠᠰᠣᠳᠠᠨ ᠡᠨᠡ ᠵᠢᠯ ᠵᠢᠷᠠᠭᠠᠳ ᠮᠠᠯᠠᠭᠠᠢ ᠶᠢᠨ ᠵᠠᠬᠢᠶᠠᠯᠠᠭ᠎ᠠ ᠲᠣᠰᠴᠣ 4 | ᠲᠦᠮᠡ ᠭᠠᠷᠣᠢ ᠲᠦᠭᠦᠷᠢᠭ ᠤᠨ ᠣᠷᠣᠯᠭ᠎ᠠ ᠣᠯᠣᠭᠰᠠᠨ ᠪᠦᠭᠡᠳ ᠦᠵᠦᠮᠦᠴᠢᠨ ᠨᠣᠳᠤᠭ ᠲᠤ ᠥᠷᠭᠡᠨ ᠢᠶᠠᠷ | ᠣᠶᠣᠵᠣ ᠡᠳ᠋ᠯᠡᠳᠡᠭ ᠣᠯᠠᠮᠵᠢᠯᠠᠯᠲᠣ ᠮᠠᠯᠠᠭᠠᠢ ᠶᠢᠨ ᠡᠰᠭᠡᠯᠳᠡ᠂ ᠣᠶᠣᠬᠤ ᠠᠷᠭ᠎ᠠ᠂ ᠬᠡᠯᠪᠡᠷᠢ ᠶᠠᠩᠵᠣ ᠶᠢ ᠵᠠᠯᠠᠭᠤ | ᠬᠦᠮᠦᠰ ᠲᠤ ᠵᠢᠭᠠᠵᠣ ᠦᠪᠯᠡᠵᠦ ᠦᠭᠬᠦ ᠬᠦᠰᠡᠯ ᠵᠣᠷᠢᠯᠭ᠎ᠠ ᠶᠢ ᠡᠪᠦᠷᠯᠡᠨ ᠶᠠᠭᠠᠷᠠᠵᠣ ᠶᠠᠪᠣᠨ᠎ᠠ᠃ |