ᠭᠠᠳᠠᠭᠠᠳᠣ ᠤᠯᠤᠰ ᠢᠶᠠᠷ ᠪᠤᠷᠤᠯᠠᠭᠤᠯᠭ᠎ᠠ ᠲᠠᠢ  ᠦᠵᠦᠮᠦᠴᠢᠨ ᠮᠠᠯᠠᠭᠠᠢ
ᠨᠡᠶᠢᠲᠡᠯᠡᠭᠰᠡᠨ ᠴᠠᠭ᠄
2024/1/25
                                            ᠵᠢᠷ ᠤᠨ  ᠭᠤᠤᠯ ᠪᠠᠯᠭᠠᠰᠣᠨ ᠤ ᠱᠠᠣᠳᠣ ᠭᠠᠴᠠᠭᠠᠨ ᠤ ᠽᠠᠨᠳᠠᠨᠬᠤᠸᠡᠷ ᠬᠡᠳᠡᠭ ᠨᠤᠳᠤᠭ ᠤᠰᠣᠨ ᠳᠠᠭᠠᠨ  ᠴᠣᠣᠲᠠᠢ ᠤᠷᠠᠨ  ᠂ ᠰᠦᠮ᠎ᠠ ᠬᠡᠶᠢᠳ ᠤᠨ ᠯᠠᠪᠠᠷᠢ᠂ ᠪᠤᠷᠬᠠᠨ ᠤ ᠭᠦᠷᠦᠭ ᠵᠢᠷᠤᠭ ᠤᠶᠤᠳᠠᠭ ᠤᠶᠤᠳᠠᠯᠴᠢᠨ   ᠪᠠᠶᠢᠵᠡᠢ᠃ ᠤᠷ᠎ᠠ ᠤᠳᠣᠮ ᠲᠠᠭᠠᠨ᠎ᠠ ᠬᠡᠳᠡᠭᠴᠢᠯᠠᠨ ᠲᠠᠭᠦᠨ ᠤ ᠠᠴᠢ ᠬᠦᠦ ᠬᠠᠰᠪᠠᠭᠠᠳᠣᠷ ᠪᠠᠷᠠᠭᠤᠨ ᠦᠵᠦᠮᠦᠴᠢᠨ ᠨᠤᠳᠤᠭ ᠲᠠᠭᠠᠨ ᠠᠯᠳᠠᠷᠳᠠᠢ ᠭᠠᠷ ᠤᠷᠠᠨ ᠲᠠᠢ  ᠃ ᠲᠠᠷᠡᠪᠠᠷ ︽ᠬᠠᠰ ᠦᠨᠳᠣᠰᠣᠳᠠᠨ ᠤ ᠤᠨᠴᠠᠯᠢᠭᠳᠣ ᠮᠠᠯᠠᠭᠠᠢ ᠤᠶᠤᠳᠠᠯ  ︾ ᠤᠨ ᠭᠠᠵᠠᠷ ᠢ ᠠᠵᠢᠯᠯᠠᠭᠤᠯᠵᠦ ᠪᠠᠶᠢᠭ᠎ᠠ ᠮᠦᠷᠳᠠᠬᠡᠨ ᠪᠠᠷᠠᠭᠤᠨ ᠦᠵᠦᠮᠦᠴᠢᠨ ᠬᠤᠰᠢᠭᠤᠨ ᠤ  ᠦᠵᠦᠮᠦᠴᠢᠨ ᠮᠠᠯᠠᠭᠠᠢ  ᠤᠶᠤᠬᠤ ᠤᠷ᠎ᠠ ᠮᠡᠷᠭᠡᠵᠢᠯ ᠤᠨ ᠲᠥᠷᠥᠯ ᠵᠦᠢᠯ ᠤᠨ ᠲᠥᠯᠥᠭᠡᠯᠡᠬᠦ ᠴᠢᠨᠠᠷᠲᠠᠢ ᠤᠯᠠᠮᠵᠢᠯᠠᠭᠴᠢ  ᠪᠤᠯᠤᠨ᠎ᠠ  ᠃     ᠤᠷᠴᠢᠮ   ᠤᠨ ᠬᠤᠶᠠᠷ  ᠵᠢᠯ ᠠᠴᠠ  ᠲᠠᠬᠦᠨ ᠤ ᠤᠷᠠᠯᠠᠨ ᠤᠶᠤᠭᠰᠠᠨ ᠵᠢᠵᠢᠭ ᠦᠵᠦᠮᠦᠴᠢᠨ ᠲᠤᠭᠤᠷᠢᠭᠤᠯ  ᠵᠠᠬ᠎ᠠ ᠲᠠᠯᠬᠡᠭᠦᠷ ᠢᠶᠠᠷ ᠵᠦᠩᠳᠠᠬᠡᠨ ᠬᠠᠷᠠᠭᠳᠠᠬᠤ ᠪᠤᠯᠤᠭᠰᠠᠨ  ᠪᠦᠬᠡᠳ ᠬᠦᠮᠦᠰ ᠤᠨ ᠭᠦᠷᠢᠶᠠᠯᠠᠯ ᠢ ᠶᠠᠬᠡᠬᠡᠨ ᠤᠯᠵᠦ ᠪᠤᠷᠤᠯᠠᠭᠤᠯᠭ᠎ᠠ ᠴᠦ ᠲᠤᠩ ᠰᠠᠶᠢᠨ  ᠪᠤᠯᠵᠦ᠂  ᠰᠦᠯᠵᠢᠶᠠᠨ ᠤ ᠬᠠᠯᠠᠮᠰᠢᠯ  ᠪᠤᠯᠤᠭᠰᠠᠨ ᠪᠠᠶᠢᠨ᠎ᠠ᠃     ᠬᠠᠰᠪᠠᠭᠠᠲᠤᠷ 2014 ᠣᠨ ᠳᠤ ︽ᠬᠠᠰ  ᠦᠨᠳᠦᠰᠦᠲᠡᠨ ᠤ ᠣᠨᠴᠠᠯᠢᠭᠲᠤ ᠮᠠᠯᠠᠭᠠᠢ ᠤᠶᠤᠳᠠᠯ︾ ᠢ  ᠠᠵᠢᠯᠯᠠᠭᠤᠯᠵᠦ᠂ ᠵᠢᠯ ᠪᠦᠷᠢ 1000 ᠭᠠᠷᠤᠢ ᠮᠠᠯᠠᠭᠠᠢ ᠣᠶᠣᠵᠤ᠂ ᠤᠷ᠎ᠠ ᠮᠡᠷᠭᠡᠵᠢᠯ᠂ ᠶᠠᠩᠵᠤ ᠬᠡᠯᠪᠡᠷᠢ ᠪᠠ ᠴᠢᠨᠠᠷ ᠴᠢᠨᠰᠠᠭ᠎ᠠ ᠶᠢᠨ ᠲᠠᠯ᠎ᠠ ᠪᠠᠷ ᠬᠥᠮᠥᠰ ᠤᠨ ᠰᠠᠶᠢᠨ ᠦᠨᠡᠯᠡᠯᠲᠡ ᠶᠢ  ᠤᠯᠵᠦ᠂  ᠲᠡᠭᠦᠨ ᠤ  ᠤᠶᠤᠭᠰᠠᠨ  ᠦᠨᠠᠬᠡᠨ ᠪᠦᠰᠠᠯᠠᠬᠦᠷ᠂ ᠬᠤᠷᠠᠭᠠᠨ ᠪᠦᠰᠠᠯᠠᠬᠦᠷ᠂ ᠮᠠᠬᠤᠤᠰᠠ  ᠂ ᠦᠵᠦᠮᠦᠴᠢᠨ ᠲᠤᠭᠤᠷᠢᠭᠤᠯ ᠵᠢᠴᠢ ᠰᠢᠨ᠎ᠠ ᠬᠡᠯᠪᠡᠷᠢ ᠶᠢᠨ ᠮᠠᠯᠠᠭᠠᠢ ᠨᠢ ᠪᠦᠬᠦ ᠣᠷᠣᠨ ᠤ ᠡᠯ᠎ᠡ ᠠᠶᠢᠮᠠᠭ ᠬᠤᠳᠠ ᠪᠠᠷ ᠪᠤᠷᠤᠯᠠᠭᠤᠯᠤᠭᠳᠠᠵᠦ ᠪᠠᠶᠢᠬᠤ   ᠠᠴᠠ ᠭᠠᠳᠠᠨ᠎ᠠ᠂    ᠶᠠᠫᠤᠨ᠂ ᠮᠣᠩᠭᠤᠯ᠂ ᠠᠮᠧᠷᠢᠺᠠ ᠵᠡᠷᠭᠡ ᠤᠯᠤᠰ  ᠠᠴᠠ ᠵᠡᠬᠢᠶᠠᠯᠠᠭ᠎ᠠ ᠶᠠᠪᠤᠭᠤᠯᠤᠨ ᠮᠠᠯᠠᠭᠠᠢ ᠤᠶᠤᠭᠤᠯᠬᠤ ᠬᠦᠮᠦᠨ ᠴᠦ  ᠤᠯᠠᠨ ᠪᠠᠶᠢᠳᠠᠭ᠃     ᠪᠤᠳᠠᠰ ᠤᠨ ᠪᠤᠰᠣ ᠰᠣᠶᠤᠯ ᠤᠨ ᠦᠪ ᠪᠤᠯᠤᠭᠰᠠᠨ ᠦᠵᠦᠮᠦᠴᠢᠨ ᠮᠠᠯᠠᠭᠠᠢ ᠮᠠᠯᠴᠢᠨ ᠲᠦᠮᠠᠨ ᠤ ᠤᠷᠳᠣ ᠤᠳᠠᠭᠠᠨ ᠠᠮᠢᠳᠣᠷᠠᠯ ᠦᠢᠯᠠᠳᠣᠯᠬᠡ ᠶᠢᠨ ᠲᠤᠮᠳᠠ ᠪᠠᠨ ᠡᠬᠦᠳᠣᠨ ᠪᠦᠳᠦᠬᠡᠭᠰᠠᠨ ᠤᠶᠤᠨ ᠤᠬᠠᠭᠠᠨ᠂ ᠪᠤᠯᠪᠠᠰᠣᠨ ᠤ ᠤᠬᠢ ᠪᠦᠳᠦᠬᠡᠯ ᠪᠤᠯᠬᠤ ᠶᠤᠮ᠃ ᠡᠶᠢᠨᠬᠦ ᠬᠠᠰᠪᠠᠭᠠᠳᠣᠷ  ᠦᠪᠡᠷ   ᠢᠶᠠᠨ ᠦᠪ ᠰᠣᠶᠤᠯ ᠢᠶᠠᠨ ᠤᠯᠠᠮᠵᠢᠯᠠᠨ  ᠭᠦᠭᠵᠢᠬᠦᠯᠬᠦ ᠶᠢᠨ ᠲᠠᠭᠠᠤ ᠳᠠᠭᠠᠨ ᠨᠠᠩ ᠤᠯᠠᠨ ᠬᠦᠮᠦᠰ ᠲᠤ ᠦᠵᠦᠮᠦᠴᠢᠨ ᠮᠠᠯᠠᠭᠠᠢ  ᠶᠢᠨ ᠤᠶᠤᠳᠠᠯ ᠤᠨ ᠮᠡᠷᠭᠡᠵᠢᠯ ᠢᠶᠠᠨ ᠦᠪᠯᠠᠨ  ᠤᠯᠠᠮᠵᠢᠯᠠᠵᠦ  ᠂ ᠱᠠᠪᠢ ᠲᠠᠭᠠᠭᠤᠯᠤᠨ ᠬᠦᠮᠦᠵᠢᠬᠦᠯᠦᠭᠰᠠᠨ ᠢᠶᠠᠷ ᠪᠠᠷᠠᠭᠤᠨ ᠦᠵᠦᠮᠦᠴᠢᠨ ᠬᠤᠰᠢᠭᠤ ᠲᠠᠷᠡᠴᠢᠯᠠᠨ ᠡᠯ᠎ᠠ ᠠᠶᠢᠮᠠᠭ ᠬᠤᠳᠠ ᠪᠠᠷ  ᠤᠯᠠᠨ ᠱᠠᠪᠢ ᠲᠠᠢ  ᠪᠤᠯᠵᠦ᠂ ᠤᠮᠠᠷᠠᠲᠤ  ᠬᠢᠯᠢ ᠶᠢᠨ ᠰᠣᠶᠣᠯ ᠢ  ᠦᠪᠯᠠᠨ ᠤᠯᠠᠮᠵᠢᠯᠠᠵᠦ ᠪᠠᠳᠠᠷᠠᠭᠤᠯᠤᠨ ᠳᠡᠯᠭᠡᠷᠡᠭᠦᠯᠬᠦ  ᠳᠤ  ᠤᠶᠢᠭ᠎ᠠ ᠦᠭᠡᠢ ᠴᠢᠷᠮᠠᠶᠢᠯᠭ᠎ᠠ ᠵᠢᠳᠬᠦᠯ ᠢᠶᠠᠨ ᠡᠷᠬᠦᠵᠦ ᠶᠠᠪᠤᠨ᠎ᠠ᠃     ᠪᠠᠷᠠᠭᠤᠨ ᠦᠵᠦᠮᠦᠴᠢᠨ ᠬᠤᠰᠢᠭᠤ ᠨᠢ ᠪᠤᠳᠠᠰ ᠤᠨ ᠪᠤᠰᠣ ᠰᠣᠶᠤᠯ ᠤᠨ ᠦᠪ ᠤᠨ ᠰᠢᠰᠲ᠋ᠧᠮᠳᠣ ᠴᠢᠨᠠᠷᠳᠠᠢ ᠬᠠᠮᠠᠭᠠᠯᠠᠯᠳᠠ ᠶᠢ ᠯᠠᠪᠳᠠᠭᠤᠨ ᠪᠠᠳᠣᠳᠠᠢ ᠬᠢᠵᠦ᠂ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ ᠪᠠᠲᠣᠳᠬᠠᠬᠤ ᠭᠤᠣᠯ ᠰᠢᠵᠢᠮ ᠢ ᠴᠢᠩᠭ᠎ᠠ ᠠᠳᠬᠤᠵᠤ  ᠂ ︽ᠤᠮᠠᠷᠠᠲᠤ ᠬᠢᠯᠢ ᠶᠢᠨ ᠰᠣᠶᠣᠯ︾ ᠤᠨ ᠨᠡᠷᠡᠲᠦ ᠲᠡᠮᠳᠡᠭ ᠢ ᠢᠳᠡᠪᠬᠢᠲᠡᠢ ᠪᠠᠷ ᠡᠭᠦᠳᠴᠦ᠂ ᠳᠤᠮᠳᠠᠳᠤ ᠶᠢᠨ ᠰᠢᠯᠢᠳᠡᠭ ᠤᠯᠠᠮᠵᠢᠯᠠᠯᠲᠤ ᠰᠣᠶᠣᠯ ᠤᠨ ᠪᠣᠳᠠᠰ ᠤᠨ ᠪᠤᠰᠤ ᠰᠣᠶᠣᠯ ᠤᠨ ᠥᠪ ᠤᠨ ᠴᠢᠬᠤᠯᠠ ᠦᠢᠯᠡᠳᠦᠯ ᠢ ᠰᠠᠶᠢᠲᠤᠷ  ᠪᠠᠳᠠᠷᠠᠭᠤᠯᠤᠭᠰᠠᠨ ᠢᠶᠠᠷ ᠤᠯᠤᠰ ᠤᠨ ᠲᠠᠰ ᠤᠨ  ᠪᠤᠳᠠᠰ ᠤᠨ ᠪᠤᠰᠣ ᠰᠣᠶᠤᠯ ᠤᠨ ᠦᠪ ᠤᠨ ᠲᠥᠷᠥᠯ ᠵᠦᠢᠯ 3᠂ ᠥᠪᠡᠷᠲᠡᠭᠡᠨ ᠵᠠᠰᠠᠬᠤ ᠣᠷᠣᠨ ᠤ ᠲᠥᠷᠦᠯ ᠵᠦᠢᠯ  14᠂ ᠠᠶᠢᠮᠠᠭ ᠤᠨ ᠲᠠᠰ ᠤᠨ  ᠲᠥᠷᠦᠯ ᠵᠦᠢᠯ 23᠂ ᠬᠤᠰᠢᠭᠤ ᠰᠢᠶᠠᠨ  ᠤ ᠲᠥᠷᠦᠯ ᠵᠦᠢᠯ 31  ᠪᠤᠯᠵᠦ᠂  ᠤᠷᠤᠨ ᠨᠤᠳᠤᠭ ᠤᠨ ᠤᠴᠠᠯᠢᠭᠳᠣ ᠰᠣᠶᠤᠯ ᠤᠨ ᠦᠢᠯᠠᠰ ᠤᠨ ᠭᠦᠭᠵᠢᠯᠳᠠ ᠶᠢ ᠬᠦᠴᠦᠯᠠᠨ ᠠᠬᠢᠭᠤᠯᠤᠨ᠎ᠠ᠃
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠵᠠᠰᠠᠭ  ᠤᠨ ᠤᠷᠳᠤᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号