ᠨᠠᠮᠵᠢᠭᠤᠨ ᠪᠠᠶᠢᠭᠠᠴᠢ︕ ᠠᠭᠤᠵᠢᠮ ᠪᠠᠶᠢᠭᠠᠴᠢ︕
ᠨᠡᠶᠢᠲᠡᠯᠡᠭᠰᠡᠨ ᠴᠠᠭ᠄
2024/3/27
     ᠪᠢᠳᠡ ᠶᠡᠷᠦᠨᠢ ︽ᠬᠥᠮᠥᠨ ᠤ ᠠᠮᠢᠳᠤᠷᠠᠯ ᠤᠨ ᠵᠠᠮ ᠳᠠᠬᠢ ᠬᠦᠴᠢᠷ ᠲᠦᠪᠡᠭ   ᠨᠢ ᠬᠠᠭᠠᠰ ᠢᠯᠡᠭᠦᠦ︾ ᠭᠡᠬᠦ ᠮᠡᠲᠦ  ᠶᠢᠨ ᠮᠡᠷᠭᠡᠳ ᠰᠡᠴᠡᠳ ᠤᠨ ᠨᠠᠶᠢᠷᠠᠭᠰᠠᠨ ︽ᠰᠡᠳᠬᠢᠯ ᠢ ᠲᠥᠯᠵᠢᠭᠦᠯᠬᠦ ᠲᠠᠬᠢᠶᠠᠨ ᠱᠥᠯᠥ︾ ᠶᠢ ᠪᠠᠭ᠎ᠠ ᠪᠤᠰᠤ ᠠᠮᠲᠠᠯᠠᠭᠰᠠᠨ ᠪᠤᠯᠪᠠᠴᠤ᠂ ᠳᠤᠲᠠᠭᠤᠳᠠᠯ ᠬᠤᠮᠰᠠᠳᠠᠯ ᠢ ᠨᠥᠬᠦᠨ ᠲᠡᠭᠦᠯᠳᠡᠷᠵᠢᠭᠦᠯᠵᠦ᠂ ᠲᠠᠰᠢᠶᠠᠷᠠᠯ ᠠᠳᠡᠭᠦᠷᠡᠯ ᠢ ᠵᠠᠰᠠᠨ ᠵᠠᠯᠠᠷᠠᠭᠤᠯᠬᠤ ᠤᠶᠤᠨ ᠤᠬᠠᠭᠠᠨ‌ᠠᠪᠢᠶᠠᠰ ᠴᠢᠳᠠᠪᠤᠷᠢ ᠪᠠ ᠳᠠᠭᠠᠭᠠᠮᠠᠭᠠᠢ ᠲᠡᠰᠪᠦᠷᠢᠲᠡᠢ᠂ ᠪᠠᠶᠠᠰᠤᠩᠭᠤᠢ ᠢᠳᠡᠪᠬᠢᠲᠡᠢ᠂ ᠠᠭᠤᠴᠢᠯᠠᠨ  ᠪᠠᠭᠲᠠᠭᠠᠵᠤ  ᠶᠠᠪᠤᠬᠤ ᠶᠢᠨ‌ᠤᠴᠢᠷ ᠶᠣᠰᠣᠨ ᠢ ᠬᠠᠰᠢᠯᠠ ᠥᠪᠡᠷ ᠤᠨ ᠨᠤᠭᠤᠷᠠᠯ ᠪᠦᠳᠦᠷᠢᠯ ᠢ ᠲᠤᠭᠤᠯᠵᠤ ᠬᠦᠴᠢᠷ ᠲᠦᠪᠡᠭ ᠢ ᠳᠠᠪᠠᠵᠤ᠂ ᠬᠦᠷᠴᠦ ᠣᠴᠢᠬᠤ ᠢᠷᠡᠭᠡᠳᠦᠢ ᠪᠠᠨ ᠵᠣᠷᠢᠭᠰᠠᠨ ᠬᠠᠲᠠᠭᠤ ᠵᠣᠷᠢᠭ ᠬᠠᠯᠠᠰᠢᠷᠠᠯ ᠦᠭᠡᠢ ᠦᠢᠯᠡᠳᠦᠯᠭᠡ ᠲᠤᠷᠰᠢᠯᠭ᠎ᠠ ᠠᠴᠠ ᠪᠠᠨ ᠣᠯᠳᠠᠭ ᠪᠢᠵᠡ᠃ ︽ᠬᠠᠭᠠᠴᠠᠰᠢ  ᠦᠭᠡᠢ   ᠨᠥᠬᠦᠷ  ᠢ  ᠮᠠᠷᠲᠠᠰᠢ  ᠦᠭᠡᠢ  ᠦᠭᠡ  ᠪᠠᠷ  ᠪᠦᠦ  ᠭᠤᠮᠣᠳᠠᠭ᠎ᠠ  ︾  ᠭᠡᠵᠦ   ᠬᠠᠮᠢᠭ᠎ᠠ ᠦᠵᠡᠭᠰᠡᠨ  ᠢᠶᠠᠨ ᠴᠡᠭᠡᠵᠢᠯᠡᠵᠦ ᠪᠠᠶᠢᠨ᠎ᠠ᠃ ᠥᠪᠡᠷ ᠢᠶᠠᠨ ᠪᠢᠳᠡ ᠦᠭᠡ ᠶᠢ ᠠᠯᠢ ᠴᠢᠳᠠᠬᠤ ᠪᠠᠷ ᠡᠪᠲᠡᠢ ᠵᠣᠬᠢᠮᠵᠢᠲᠠᠢ ᠬᠡᠯᠡᠵᠦ᠂ ᠥᠷᠥᠭᠡᠯ ᠪᠤᠰᠤᠳ ᠢ ᠦᠯᠦ ᠭᠤᠮᠣᠳᠠᠭᠠᠬᠤ ᠪᠠᠷ ᠬᠢᠴᠢᠶᠡᠵᠦ ᠴᠢᠷᠮᠠᠶᠢᠬᠤ ᠪᠤᠯᠪᠠᠴᠤ᠂ ᠠᠮᠢ ᠨᠠᠰᠤᠨ ᠤ ᠠᠶᠠᠨ ᠵᠠᠮ ᠳᠠᠬᠢ ᠵᠠᠷᠢᠮ ᠰᠠᠨᠠᠮᠰᠠᠷ ᠪᠤᠰᠤ ᠬᠢᠯᠢᠰᠳᠡᠯ  ᠭᠤᠮᠣᠳᠠᠯ  ᠤᠨ  ᠤᠷᠤᠮ  ᠲᠣᠯᠪᠤ ᠨᠢ  ᠬᠡᠨ  ᠬᠥᠮᠥᠨ  ᠤ  ᠤᠢ   ᠳᠤᠷᠠᠳᠬᠠᠯ  ᠳᠤ  ᠠᠳᠠᠯᠢ  ᠪᠤᠰᠤ ᠬᠡᠮᠵᠢᠶ᠎ᠡ ᠪᠠᠷ ᠲᠠᠮᠠᠭᠠᠯᠠᠭᠳᠠᠵᠤ ᠦᠯᠡᠳᠡᠭᠰᠡᠨ ᠪᠠᠶᠢᠳᠠᠭ᠃      ᠬᠡᠳᠦᠶᠢᠪᠡᠷ ᠲᠤᠬᠠᠢ ᠶᠢᠨ ᠴᠠᠭ ᠲᠠᠭᠠᠨ ᠲᠤᠩ ᠭᠤᠮᠣᠳᠠᠵᠤ᠂ ᠤᠴᠢᠷ ᠡᠰᠢ ᠶᠢ ᠨᠢ ᠣᠯᠵᠤ ᠶᠠᠳᠠᠨ ᠠᠭᠤᠷᠯᠠᠨ ᠪᠠᠴᠢᠮᠳᠠᠬᠤ ᠪᠤᠯᠪᠠᠴᠤ᠂ ᠠᠭᠤᠴᠢᠯᠠᠯ ᠬᠡᠳᠡᠭ ᠤᠬᠠᠭᠠᠨ  ᠢᠶᠠᠷ ᠤᠭᠤᠷᠠᠭ  ᠲᠠᠷᠢᠬᠢ ᠪᠠᠨ ᠵᠡᠪᠰᠡᠭᠯᠡᠵᠦ᠂ ᠨᠠᠮᠵᠢᠭᠤᠨ ᠣᠪᠣᠷ ᠠᠭᠤᠵᠢᠮ  ᠪᠠᠭᠲᠠᠭᠠᠮᠵᠢ ᠪᠠᠷ  ᠦᠰᠦᠨ  ᠪᠤᠶᠢᠵᠢᠯᠳᠠ ᠶᠢᠨ  ᠶᠠᠪᠤᠴᠠ ᠳᠤ  ᠪᠢᠴᠢᠭᠳᠡᠭᠰᠡᠨ ᠲᠠᠭᠠᠯᠠᠮᠵᠢ ᠦᠭᠡᠢ ᠬᠠᠭᠤᠳᠠᠰᠤ ᠪᠠᠨ ᠤᠷᠪᠠᠭᠤᠯᠵᠤ ᠬᠠᠶᠠᠪᠠᠯ ᠶᠠᠭᠤ ᠪᠦᠬᠦᠨ ᠰᠢᠨ᠎ᠡ ᠰᠡᠪᠡᠭᠦᠨ ᠥᠩᠭᠡ  ᠪᠤᠳᠤᠬ  ᠪᠠ  ᠰᠠᠶᠢᠨ ᠰᠠᠶᠢᠬᠠᠨ ᠤᠳᠬ᠎ᠠ ᠴᠢᠨᠠᠷ ᠢᠶᠠᠷ ᠤᠭᠲᠤᠨ ᠢᠷᠡᠵᠤ ᠯᠡ ᠪᠠᠶᠢᠳᠠᠭ᠃ ᠪᠢᠳᠡ ᠨᠠᠶᠢᠷ ᠵᠢᠷᠤᠮ ᠢ ᠡᠷᠬᠢᠮᠯᠡᠵᠦ᠂ ᠬᠦᠨᠳᠦᠳᠬᠡᠵᠤ ᠪᠢᠰᠢᠷᠡᠬᠦ ᠰᠡᠳᠬᠢᠯᠭᠡ  ᠪᠠᠷ ᠬᠥᠮᠥᠨ ᠲᠡᠷᠢᠭᠦᠲᠡᠨ ᠳᠤ ᠬᠠᠨᠳᠤᠵᠤ᠂ ᠨᠦᠬᠦᠬᠡᠳᠡᠬᠢ ᠳᠡᠭᠡᠨ ᠡᠪ ᠦᠭᠡᠢ ᠦᠭᠡ ᠪᠤᠶᠤ ᠵᠣᠬᠢᠰ ᠦᠭᠡᠢ ᠬᠢᠳᠡᠯ  ᠢᠶᠠᠨ ᠵᠠᠯᠠᠷᠠᠭᠤᠯᠬᠤ  ᠣᠷᠣᠨ  ᠴᠠᠭ  ᠵᠢᠴᠢ  ᠣᠰᠣᠯ ᠪᠤᠷᠤᠭᠤ ᠪᠠᠨ   ᠮᠡᠳᠡᠷᠡᠵᠦ᠂  ᠤᠯᠠᠮ  ᠰᠠᠶᠢᠬᠠᠨ  ᠢᠶᠠᠷ  ᠠᠵᠢᠯᠯᠠᠵᠤ  ᠠᠮᠢᠳᠤᠷᠠᠬᠤ  ᠱᠠᠲᠤ  ᠲᠠᠯᠪᠢᠵᠤ  ᠥᠭᠴᠦ  ᠪᠠᠶᠢᠶ᠎ᠠ  ᠃ ᠥᠪᠡᠷ ᠢᠶᠠᠨ ᠨᠠᠮᠵᠢᠭᠤᠨ ᠲᠣᠭᠲᠠᠭᠤᠨ ᠪᠠᠶᠢᠵᠤ᠂ ᠥᠷᠥᠭᠡᠯ ᠤᠨ ᠬᠡᠯᠡᠬᠦ ᠶᠢ ᠢᠯᠡᠭᠦᠬᠡᠨ ᠰᠣᠨᠣᠰᠴᠤ ᠰᠤᠷᠤᠶ᠎ᠠ᠃ ᠠᠭᠤᠴᠢᠯᠠᠯ ᠪᠠᠭᠲᠠᠭᠠᠮᠵᠢ ᠬᠡᠳᠡᠭ ᠶᠠᠭᠤᠮ᠎ᠠ ᠠᠭᠤᠳᠠᠮ ᠲᠡᠨᠢᠭᠡᠷ ᠠᠮᠢᠳᠤᠷᠠᠯ ᠤᠨ ᠵᠠᠮ ᠢ ᠨᠡᠭᠡᠭᠡᠵᠦ ᠦᠭᠳᠡᠭ ᠪᠢᠯᠢᠦ᠃ ᠠᠮᠢ ᠨᠠᠰᠤᠨ ᠤ ᠠᠶᠠᠨ‌ᠵᠠᠮ ᠳᠠᠬᠢ ᠠᠯᠢ ᠪᠦᠬᠦᠢ  ᠲᠠᠭᠠᠯᠠᠮᠵᠢ  ᠦᠭᠡᠢ  ᠤᠴᠢᠷ  ᠶᠠᠪᠤᠳᠠᠯ  ᠥᠩᠭᠡᠷᠡᠯᠲᠡ  ᠶᠠᠪᠤᠴᠠ   ᠨᠢ   ᠬᠦᠪᠬᠦ  ᠡᠭᠦᠯᠡ  ᠰᠠᠯᠬᠢᠨ᠎ᠠ‌ᠬᠤᠶᠢᠯᠠᠷᠠᠬᠤ ᠮᠡᠲᠦ ᠪᠠᠷ ᠰᠠᠷᠨᠢᠵᠤ ᠵᠠᠳᠠᠷᠠᠬᠤ ᠪᠣᠯᠬᠤᠷ ᠲᠡᠶᠢᠮᠦᠷᠬᠦᠦ ᠡᠪ ᠵᠣᠬᠢᠮᠵᠢ ᠦᠭᠡᠢ ᠤᠴᠠᠷᠠᠯ ᠲᠣᠬᠢᠶᠠᠯᠳᠤᠯ᠂  ᠪᠦᠳᠦᠷᠢᠯ ᠨᠤᠭᠤᠷᠠᠯ ᠢ ᠪᠤᠳᠤᠯ ᠰᠡᠳᠬᠢᠯ ᠤᠨ ᠪᠤᠯᠤᠩ ᠲᠣᠬᠤᠢ  ᠠᠴᠠ  ᠪᠠᠨ ᠣᠷᠣ ᠲᠠᠰᠤ ᠦᠯᠳᠡᠵᠤ  ᠠᠷᠢᠯᠭᠠᠬᠤ   ᠨᠢ  ᠲᠦᠮᠡᠨ  ᠵᠦᠢ  ᠃ ᠰᠠᠨᠠᠭᠠᠨ ᠤ ᠠᠭᠤᠵᠢᠮ ᠳᠤ ᠰᠠᠨᠰᠠᠷ ᠬᠤᠷᠸ᠎ᠠ ᠲᠡᠨᠢᠭᠦᠨ ᠪᠣᠯᠣᠨ᠎ᠠ᠃ ᠨᠠᠮᠵᠢᠭᠤᠨ ᠪᠠᠶᠢᠭᠠᠴᠢ᠂ ᠠᠭᠤᠵᠢᠮ ᠪᠠᠶᠢᠭᠠᠴᠢ ᠭᠡᠵᠦ ᠳᠣᠲᠣᠭᠠᠳᠤ ᠰᠡᠳᠬᠢᠯ ᠠᠴᠠ ᠤᠨᠳᠤᠷᠬᠤ  ᠤᠷᠠᠢ  ᠲᠠᠭᠤᠨ ᠨᠢ ᠲᠠ ᠪᠢᠳᠡᠨ ᠳᠤ ᠰᠠᠨᠠᠭᠤᠯᠵᠤ ᠬᠢᠴᠢᠶᠡᠯᠭᠡᠵᠦ ᠯᠡ ᠪᠠᠶᠢᠳᠠᠭ᠃ ᠶᠠᠪᠤᠳᠠᠯ ᠤᠴᠢᠷ ᠲᠤ  ᠯᠠᠪᠳᠠᠭᠤᠨ  ᠪᠣᠯᠭᠤᠮᠵᠢᠲᠠᠢ  ᠪᠠᠶᠢᠵᠤ᠂ ᠬᠥᠮᠥᠨ  ᠤᠯᠠᠨ  ᠳᠤ  ᠠᠭᠤᠳᠠᠮ  ᠪᠠᠭᠲᠠᠭᠠᠮᠵᠢᠲᠠᠢ   ᠬᠠᠨᠳᠤᠵᠤ  ᠂  ᠠᠵᠢᠯ  ᠠᠮᠢᠳᠤᠷᠠᠯ  ᠳᠠᠭᠠᠨ  ᠪᠠᠶᠠᠰᠤᠩᠭᠤᠢ  ᠢᠳᠡᠪᠬᠢᠲᠡᠢ ᠣᠷᠣᠯᠴᠠᠳᠠᠭ ᠯᠠ ᠪᠣᠯ ᠵᠣᠷᠢᠭᠰᠠᠨ ᠬᠦᠰᠡᠭᠰᠡᠨ ᠵᠦᠢᠯ ᠮᠠᠨᠢ ᠵᠣᠷᠢᠭ  ᠪᠤᠳᠤᠯ ᠢᠶᠠᠷ  ᠪᠦᠲᠦᠵᠦ  ᠪᠡᠶᠡᠯᠡᠳᠡᠭ  ᠶᠤᠮ  ᠃        ᠪᠢᠳᠡ‌ ᠥᠪᠡᠷ ᠤᠨ ᠦᠵᠡᠯ ᠪᠤᠳᠤᠯ᠂ ᠦᠭᠡ ᠶᠠᠷᠢᠶ᠎ᠠ᠂ ᠦᠢᠯᠡ ᠠᠵᠢᠯᠯᠠᠭ᠎ᠠ ᠪᠦᠬᠦᠨ ᠳᠡᠭᠡᠨ ᠴᠠᠭ ᠢᠮᠠᠭᠲᠠ ᠲᠣᠬᠢᠷᠠᠭᠤᠯᠤᠯᠲᠠ ᠬᠢᠵᠦ ᠬᠠᠮᠤᠭ ᠤᠨ ᠵᠥᠪ ᠦᠵᠡᠯᠲᠡ᠂ ᠢᠳᠡᠪᠬᠢ ᠬᠦᠴᠦᠨ  ᠢᠶᠠᠨ ᠡᠷᠭᠦᠵᠦ ᠯᠨ ᠶᠠᠪᠤᠪᠠᠯ ᠡᠨᠡ ᠶᠢᠷᠲᠢᠨᠴᠦ ᠶᠢᠨ ᠡᠭᠡᠯᠢᠲᠡᠢ   ᠳᠤᠯᠠᠭᠠᠨ ᠪᠦᠬᠦᠨ ᠢᠪᠡᠭᠡᠨ ᠲᠠᠭᠠᠯᠠᠵᠤ᠂ ᠡᠷᠬᠢᠮ ᠵᠦᠢᠯᠡᠰ ᠪᠦᠬᠦᠨ ᠪᠠᠶᠠᠰᠬᠠᠨ ᠰᠣᠶᠣᠷᠬᠠᠵᠤ᠂ ᠬᠡᠬᠦᠳᠡᠭ   ᠴᠡᠭᠡᠵᠢᠨ ᠤ  ᠬᠠᠨᠤᠮᠵᠢ ᠶᠢᠨ ᠪᠠᠶᠠᠰᠤᠯ ᠪᠠ ᠬᠥᠭᠵᠢᠯ ᠲᠠᠪᠰᠢᠯ ᠤᠨ ᠬᠦᠷᠲᠡᠭᠡᠯ ᠣᠯᠭᠤᠮᠵᠢ  ᠶᠢ  ᠭᠦᠢᠴᠡᠳ  ᠡᠳ᠋ᠯᠡᠨ  ᠂  ᠡᠬᠡᠯ  ᠶᠡᠷᠦᠮᠳᠡᠭ ᠠᠮᠢᠳᠤᠷᠠᠯ  ᠢᠶᠠᠨ ᠡᠷᠬᠢᠮᠰᠦᠭ ᠰᠠᠶᠢᠬᠠᠨ ᠴᠣᠭᠴᠠᠯᠠᠵᠤ ᠴᠢᠳᠠᠨ᠎ᠠ᠃           ᠁
 
ᠢᠷᠡᠯᠲᠡ᠄ ᠥᠪᠥᠷ ᠮᠣᠩᠭᠤᠯ ᠤᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号