ᠰᠤᠷᠤᠭᠴᠢ ᠪᠠᠷ ᠢᠶᠠᠨ ᠪᠠᠭ᠋ᠠᠷᠬᠠᠳᠠᠭ ᠲᠦᠮᠡᠡᠭᠡᠷᠡᠯ ᠪᠠᠭᠰᠢ
ᠨᠡᠶᠢᠲᠡᠯᠡᠭᠰᠡᠨ ᠴᠠᠭ᠄
2023/9/12
          ᠰᠤᠷᠤᠭᠴᠢ ᠪᠠᠷ ᠢᠶᠠᠨ ᠪᠠᠭ᠋ᠠᠷᠬᠠᠳᠠᠭ ᠲᠦᠮᠡᠡᠭᠡᠷᠡᠯ ᠪᠠᠭᠰᠢ                                              ᠦᠷᠦᠭᠡᠯ ᠪᠤᠰᠤᠳ ᠤᠨ ᠬᠡᠦᠬᠡᠳ ᠤᠨ ᠲᠦᠯᠦᠭᠡ ᠡᠷᠳᠡᠯᠡᠵᠦ ᠤᠷᠤᠶᠢᠯᠠᠨ ᠡᠷᠳᠡᠮ ᠨᠤᠮ ᠰᠤᠷᠭᠠᠬᠤ ᠭᠡᠵᠦ ᠬᠢᠴᠢᠶᠡᠨ ᠵᠢᠳᠬᠦᠳᠡᠭ᠂ ᠤᠶᠤᠨ ᠤ ᠬᠠᠷᠠᠩᠭᠤᠢ ᠶᠢ ᠬᠡᠶᠢᠬᠦᠯᠦᠭᠴᠢ ᠡᠷᠳᠡᠮᠳᠦ  ᠪᠠᠭᠰᠢ   ᠤᠨ ᠡᠷᠬᠢᠮ ᠠᠯᠲᠠᠷ ᠢ  ᠮᠠᠭᠳᠠᠨᠠᠮ︕        ᠭᠤᠴᠢ ᠶᠢᠰᠦᠳᠡᠬᠢ ᠪᠠᠭᠰᠢ ᠶᠢᠨ ᠪᠠᠶᠠᠷ  ᠬᠦᠷᠴᠦ ᠢᠷᠡᠬᠦ ᠲᠠᠰᠢᠷᠠᠮ ᠢᠶᠠᠷ᠂ ᠮᠠᠨ ᠤ ᠰᠤᠷᠪᠤᠯᠵᠢᠯᠠᠭ᠎ᠠ ᠶᠢᠨ ᠪᠠᠭ  ᠤᠨ ᠬᠢᠨ ᠪᠠᠷᠠᠭᠤᠨ ᠦᠵᠦᠮᠦᠴᠢᠨ ᠬᠤᠰᠢᠭᠤᠨ ᠤ ᠠᠩᠬ᠎ᠠ ᠵᠡᠷᠭᠡ ᠶᠢᠨ ᠨᠢᠭᠡᠳᠦᠭᠡᠷ ᠲᠤᠮᠳᠠᠳᠤ ᠰᠤᠷᠭᠠᠭᠤᠯᠢ ᠳᠤ ᠠᠵᠢᠯ ᠠᠯᠪᠠ ᠲᠠᠢ  ᠪᠠᠭᠰᠢ ᠲᠦᠮᠡᠡᠭᠡᠷᠡᠯ   ᠢ  ᠵᠤᠷᠢᠨ  ᠲᠦᠬᠦᠮ ᠰᠤᠷᠪᠤᠯᠵᠢᠯᠠᠭ᠎ᠠ ᠬᠢᠭᠰᠡᠨ  ᠮᠢᠨᠢ ᠡᠨᠡ ᠪᠢᠯᠡ᠃
        ᠲᠡᠷᠡᠪᠡᠷ 2010 ᠤᠨ ᠳᠤ ᠪᠠᠷᠠᠭᠤᠨ ᠬᠤᠶᠢᠲᠤ   ᠶᠢᠨ ᠦᠨᠳᠦᠰᠦᠲᠡᠨ ᠤ ᠶᠡᠭᠡ ᠰᠤᠷᠭᠠᠭᠤᠯᠢ ᠪᠠᠨ ᠲᠡᠭᠦᠰᠭᠡᠭᠡᠳ᠂ ᠲᠠᠬᠢᠨ 2011 ᠤᠨ ᠤ  8 ᠰᠠᠷ᠎ᠠ ᠠᠴᠠ ᠣᠲᠣ ᠪᠣᠯᠲᠠᠯ᠎ᠠ ᠪᠠᠷᠠᠭᠤᠨ ᠦᠵᠦᠮᠦᠴᠢᠨ ᠬᠤᠰᠢᠭᠤᠨ ᠤ ᠠᠩᠬ᠎ᠠ ᠵᠡᠷᠭᠡ ᠶᠢᠨ ᠨᠢᠭᠡᠳᠦᠭᠡᠷ  ᠳᠤᠮᠳᠠᠳᠤ ᠰᠤᠷᠭᠠᠭᠤᠯᠢ   ᠳᠤ ᠠᠩᠭ᠍ᠯᠢ  ᠬᠡᠯᠡᠨ ᠤ  ᠪᠠᠭᠰᠢ ᠶᠢᠨ ᠠᠵᠢᠯ ᠠᠯᠪᠠ ᠲᠠᠢ   ᠪᠠᠶᠢᠵᠤ᠂  ᠠᠵᠢᠯ ᠤᠨ ᠭᠠᠷᠤᠭᠠᠨ ᠳᠤ 12 ᠵᠢᠯ ᠭᠠᠪᠰᠢᠭᠠᠶᠢᠯᠠᠨ ᠠᠵᠢᠯᠯᠠᠵᠤ ᠶᠠᠪᠤᠬᠤ ᠳᠠᠭᠠᠨ ᠤᠷᠢᠳ  ᠬᠤᠵᠢᠳ 4 ᠠᠩᠭᠢ  ᠡᠷᠬᠢᠯᠡᠨ ᠲᠡᠭᠦᠰᠭᠡᠵᠦ᠂ ᠦᠢ ᠤᠯᠠᠨ  ᠰᠤᠷᠤᠭᠴᠢᠳ ᠤᠨ  ᠬᠦᠰᠡᠯ ᠤᠨ ᠬᠠᠷᠭᠤᠢ ᠳᠤ ᠡᠷᠴᠢ ᠨᠡᠮᠡᠷᠢᠯᠡᠵᠦ᠂ ᠤᠬᠠᠭᠠᠨ ᠪᠢᠯᠢᠭ᠂ ᠰᠤᠶᠤᠯ ᠮᠡᠳᠡᠯᠭᠡ ᠢᠶᠠᠨ ᠬᠠᠷᠠᠮ ᠦᠭᠡᠢ ᠶᠡᠬᠦᠯᠡᠭᠰᠡᠭᠡᠷ ᠢᠷᠡᠭᠰᠡᠨ ᠡᠭᠡᠯ ᠵᠢᠷ ᠤᠨ ᠠᠷᠠᠳ ᠤᠨ ᠪᠠᠭᠰᠢ ᠶᠤᠮ᠃      ᠲᠦᠮᠡᠡᠭᠡᠷᠡᠯ ᠪᠠᠭᠰᠢ ᠦᠪᠡᠷ ᠤᠨ ᠪᠠᠶ᠎ᠠ ᠳᠡᠭᠡᠨ ᠱᠠᠭᠠᠷᠳᠠᠯᠭ᠎ᠠ ᠦᠨᠳᠦᠷ ᠪᠠᠶᠢᠳᠠᠭ ᠤᠨ ᠤᠴᠢᠷ᠂  ᠰᠤᠷᠤᠭᠴᠢᠳ  ᠢᠶᠠᠨ ᠴᠦ  ᠴᠢᠩᠭ᠎ᠠ ᠱᠠᠭᠠᠷᠳᠠᠵᠤ᠂  ᠰᠤᠷᠤᠯᠭ᠎ᠠ ᠮᠤᠷᠠᠯ ᠪᠠᠶ᠎ᠠ ᠲᠠᠮᠢᠷ ᠡᠯ᠎ᠡ ᠲᠠᠯ᠎ᠠ ᠪᠠᠷ ᠬᠦᠭᠵᠢᠭᠰᠡᠨ ᠤᠳᠤ ᠦᠶ᠎ᠡ ᠶᠢᠨ ᠰᠢᠯᠢᠳᠡᠭ ᠵᠠᠯᠠᠭᠤᠴᠤᠳ ᠢ ᠬᠦᠮᠦᠵᠢᠬᠦᠯᠬᠦ ᠪᠠᠷ ᠰᠢᠷᠭᠠᠭᠤ ᠠᠵᠢᠯᠯᠠᠵᠤ᠂ ᠡᠵᠢ ᠬᠦᠮᠦᠨ ᠤ ᠦᠷᠦᠪᠴᠢ ᠵᠦᠭᠡᠯᠡᠨ ᠰᠡᠳᠬᠢᠯ᠂ ᠠᠪᠤ ᠬᠦᠮᠦᠨ ᠤ  ᠡᠷᠡᠰ ᠬᠠᠳᠠᠭᠤ ᠵᠤᠷᠢᠭ   ᠢᠶᠠᠷ᠂ ᠦᠷᠦᠭᠡᠯ ᠪᠤᠰᠤᠳ ᠤᠨ ᠬᠡᠦᠬᠡᠳ   ᠢ ᠠᠯᠠᠭᠴᠢᠯᠠᠯ ᠦᠭᠡᠢ ᠰᠠᠨᠠᠵᠤ᠂ ᠬᠠᠷᠢᠭᠤᠴᠠᠯᠭ᠎ᠠ ᠪᠠ ᠠᠷᠠᠳ ᠤᠨ  ᠪᠠᠭᠰᠢ ᠶᠢᠨ ᠡᠩ ᠦᠭᠡᠢ ᠶᠡᠭᠡ ᠬᠠᠶᠢᠷ᠎ᠠ ᠪᠠᠷ ᠬᠦᠭᠡᠷᠦᠬᠦᠨ ᠴᠤᠪᠤᠭᠤ ᠰᠤᠷᠤᠭᠴᠢᠳ  ᠲᠠᠭᠠᠨ ᠡᠷᠳᠡᠮ ᠤᠨ ᠬᠦᠨ ᠢ ᠲᠠᠨᠢᠭᠤᠯᠵᠤ᠂ ᠢᠷᠡᠬᠦ ᠢᠷᠡᠭᠡᠳᠦᠢ ᠶᠢᠨ ᠬᠢᠨᠢ ᠬᠦᠰᠡᠯ ᠤᠨ ᠵᠢᠬᠦᠷ   ᠢ ᠤᠷᠭᠤᠭᠤᠯᠵᠤ᠂  ᠡᠷᠳᠡᠮ ᠪᠤᠯᠪᠠᠰᠤᠷᠠᠯ ᠲᠠᠢ ᠬᠦᠮᠦᠨ ᠪᠤᠯᠤᠨ ᠬᠦᠮᠦᠵᠢᠭᠳᠡᠬᠦ ᠳᠤ ᠨᠢ ᠨᠦᠷᠢ ᠶᠡᠭᠡ ᠤᠬᠠᠭᠠᠨ ᠬᠦᠳᠡᠯᠮᠦᠷᠢ ᠵᠠᠷᠤᠴᠠᠭᠤᠯᠵᠤ᠂ ᠰᠤᠷᠤᠭᠴᠢᠳ ᠤᠨ ᠤᠨᠴᠠᠯᠢᠭ ᠲᠤ ᠵᠤᠬᠢᠴᠠᠭᠤᠯᠤᠨ ᠵᠢᠭᠠᠨ ᠰᠤᠷᠭᠠᠯᠲᠠ ᠶᠢᠨ ᠠᠷᠭ᠎ᠠ ᠠᠪᠴᠠᠯ ᠢᠶᠠᠨ ᠲᠠᠰᠤᠷᠠᠯᠲᠠ ᠦᠭᠡᠢ ᠰᠢᠨᠡᠴᠢᠯᠡᠨ ᠰᠦᠪᠡᠭᠴᠢᠯᠡᠵᠦ᠂ ᠰᠤᠷᠤᠭᠴᠢᠳ   ᠤᠨ ᠬᠠᠮᠤᠭ ᠤᠨ ᠤᠶᠢᠷ᠎ᠠ ᠲᠤᠳᠤᠨᠤ ︽ᠨᠠᠶᠢᠵᠠ︾ ᠪᠤᠯᠵᠤ᠂ ᠰᠤᠷᠤᠭᠴᠢᠳ  ᠢᠶᠠᠨ ᠤᠷᠮᠠᠰᠢᠭᠤᠯᠤᠨ ᠵᠤᠷᠢᠭᠵᠢᠭᠤᠯᠵᠤ᠂ ᠬᠦᠳᠦᠯᠦᠨ ᠵᠢᠯᠤᠭᠤᠳᠤᠭᠰᠠᠭᠠᠷ ᠢᠷᠡᠭᠰᠡᠨ ᠶᠤᠮ᠃
     ᠡᠶᠢᠨᠬᠦ  ᠲᠡᠷᠡᠪᠡᠷ ᠤᠷᠢᠳ ᠬᠤᠵᠢᠳ ᠬᠤᠰᠢᠭᠤ ᠲᠡᠰ ᠤᠨ ᠰᠢᠯᠢᠳᠡᠭ ᠠᠩᠭᠢ ᠶᠢᠨ ᠡᠷᠬᠢᠯᠡᠭᠴᠢ᠂ ᠬᠤᠰᠢᠭᠤ ᠲᠡᠰ  ᠤᠨ ᠰᠢᠯᠢᠳᠡᠭ ᠪᠠᠭᠰᠢ  ᠲᠡᠷᠡᠴᠢᠯᠡᠨ ᠲᠡᠬᠦᠨ ᠤ ᠡᠷᠬᠢᠯᠡᠭᠰᠡᠨ ᠠᠩᠭᠢ ᠨᠢᠭᠡᠴᠡ ᠨᠢ ᠬᠤᠰᠢᠭᠤ ᠲᠡᠰ ᠤᠨ ᠲᠡᠷᠢᠬᠦᠨ ᠤ ᠠᠩᠭᠢ ᠨᠢᠭᠡᠴᠡ᠂ ᠤᠷᠤᠨ ᠤ ᠲᠡᠰ ᠤᠨ ᠲᠡᠷᠢᠬᠦᠨ ᠤ ᠠᠩᠭᠢ ᠨᠢᠭᠡᠴᠡ ᠵᠡᠷᠭᠡ  ᠤᠯᠠᠨ ᠰᠠᠶᠢᠬᠠᠨ ᠦᠨᠡᠮᠯᠡᠯ ᠬᠦᠬᠢᠬᠦᠯᠦᠯ ᠢᠶᠠᠷ ᠠᠵᠢᠯ ᠦᠢᠯᠡᠰ ᠢᠶᠠᠨ ᠴᠢᠮᠡᠵᠦ᠂ ᠬᠠᠶᠢᠷᠠᠳᠠᠢ ᠪᠠᠭ᠋ᠠᠲᠠᠢ ᠦᠢᠯᠡᠰ ᠤᠨ ᠢᠶᠠᠨ ᠲᠦᠯᠦᠭᠡ ᠵᠢᠯᠤᠭᠤ ᠰᠤᠩᠭᠠᠨ ᠶᠠᠭᠠᠷᠠᠨ᠎ᠠ᠃
      ︽ᠴᠢᠷᠮᠠᠶᠢᠯᠭ᠎ᠠ ᠬᠦᠮᠦᠨ ᠢ ᠭᠤᠮᠤᠳᠠᠭᠠᠳᠠᠭ ᠦᠭᠡᠢ︾  ᠭᠡᠳᠡᠭᠴᠢᠯᠡᠨ ᠲᠡᠬᠦᠨ ᠤ ᠰᠢᠷᠭᠠᠭᠤ ᠬᠦᠳᠡᠯᠮᠦᠷᠢ ᠶᠢᠨ ᠬᠢᠨᠢ ᠬᠠᠷᠢᠭᠤᠨ ᠳᠤ᠂ ᠰᠤᠷᠭᠠᠭᠤᠯᠢ ᠶᠢᠨ ᠤᠳᠤᠷᠢᠳᠤᠯᠭ᠎ᠠ ᠪᠤᠯᠤᠨ ᠡᠯ᠎ᠡ ᠬᠢᠴᠢᠶᠡᠯ ᠲᠦᠷᠦᠯ ᠤᠨ  ᠪᠠᠭᠰᠢᠨᠠᠷ  ᠵᠢᠴᠢ ᠰᠤᠷᠤᠭᠴᠢᠳ ᠤᠨ ᠬᠠᠮᠳᠤ ᠶᠢᠨ ᠴᠢᠷᠮᠠᠶᠢᠯᠭ᠎ᠠ ᠪᠠᠷ᠂  ᠲᠡᠬᠦᠨ ᠤ  ᠡᠷᠬᠢᠯᠡᠵᠦ ᠪᠠᠶᠢᠭᠰᠠᠨ 298 ᠠᠩᠭᠢ ᠶᠢᠨ ᠰᠤᠷᠤᠭᠴᠢᠳ 2023 ᠤᠨ ᠤ ᠰᠢᠯᠢ ᠶᠢᠨ ᠭᠤᠤᠯ ᠠᠶᠢᠮᠠᠭ ᠤᠨ  ᠲᠤᠮᠳᠠᠳᠤ ᠰᠢᠯᠭᠠᠯᠲᠠ ᠳᠤ ᠥᠪᠥᠷ ᠮᠣᠩᠭᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠬᠠᠷᠢᠶᠠᠲᠤ ᠳᠤᠮᠳᠠᠳᠤ ᠰᠤᠷᠭᠠᠭᠤᠯᠢ ᠳᠤ 2 ᠰᠣᠷᠣᠭᠴᠢ ᠡᠯᠰᠡᠭᠳᠡᠨ᠂ ᠰᠢᠯᠢ ᠶᠢᠨ ᠭᠤᠣᠯ ᠠᠶᠢᠮᠠᠭ ᠤᠨ ᠮᠣᠩᠭᠤᠯ ᠳᠤᠮᠳᠠᠳᠤ ᠰᠤᠷᠭᠠᠭᠤᠯᠢ ᠳᠤ 42 ᠰᠣᠷᠣᠭᠴᠢ ᠡᠯᠰᠡᠭᠳᠡᠵᠦ᠂ ᠤᠨᠴᠠᠭᠠᠶᠢᠯᠠᠨ ᠰᠤᠷᠤᠭᠴᠢ ᠵᠢᠷᠠᠨᠲᠠᠢ ᠨᠢ ᠬᠢᠮᠢ᠂ ᠹᠢᠽᠢᠺ ᠳᠡᠭᠡᠨ ᠪᠦᠷᠢᠨ ᠬᠤᠪᠢ ᠤᠯᠵᠤ᠂ ᠶᠡᠷᠦᠩᠭᠡᠢ ᠬᠤᠪᠢ ᠪᠠᠷ ᠢᠶᠠᠨ ᠪᠦᠬᠦ ᠠᠶᠢᠮᠠᠭ ᠲᠤ ᠬᠤᠶᠠᠳᠤᠭᠠᠷ ᠨᠡᠷ᠎ᠡ ᠳᠤ ᠲᠤᠳᠤᠷᠠᠭᠰᠠᠨ ᠦᠨᠳᠦᠷ ᠬᠢᠷᠢ ᠪᠦᠳᠦᠮᠵᠢ ᠶᠢ  ᠡᠬᠦᠳᠦᠨ᠂ ᠡᠬᠡ ᠰᠤᠷᠭᠠᠭᠤᠯᠢ᠂ ᠬᠦᠨᠳᠦᠳᠦ ᠪᠠᠭᠰᠢᠨᠠᠷ   ᠤᠨ ᠬᠠᠮᠳᠤ ᠶᠢᠨ ᠢᠷᠠᠭᠤ ᠠᠯᠲᠠᠷ   ᠢ  ᠲᠡᠮᠳᠡᠭᠯᠡᠭᠰᠡᠨ ᠶᠤᠮ᠃
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠵᠠᠰᠠᠭ ᠤᠨ ᠤᠷᠳᠤᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号