ᠰᠥᠯᠵᠢᠶ᠎ᠡ ᠪᠠᠷ ᠰᠠᠭᠠᠯᠢ ᠪᠤᠷᠤᠯᠠᠭᠤᠯᠵᠦ ᠶᠠᠪᠤᠭ᠎ᠠ ᠮᠠᠯᠴᠢᠨ ᠪᠦᠰᠡᠭᠦᠢ ᠰᠤᠲᠤᠴᠡᠴᠡᠭ
ᠨᠡᠶᠢᠲᠡᠯᠡᠭᠰᠡᠨ ᠴᠠᠭ᠄
2023/8/29
     ᠰᠥᠯᠵᠢᠶ᠎ᠡ ᠪᠠᠷ ᠰᠠᠭᠠᠯᠢ ᠪᠤᠷᠤᠯᠠᠭᠤᠯᠵᠦ ᠶᠠᠪᠤᠭ᠎ᠠ ᠮᠠᠯᠴᠢᠨ ᠪᠦᠰᠡᠭᠦᠢ ᠰᠤᠲᠤᠴᠡᠴᠡᠭ                     ᠬᠤᠵᠢᠷ ᠤᠨ ᠬᠤᠭᠤᠯᠠᠢ ᠶᠢᠨ ᠲᠡᠷᠡᠰᠦᠲᠦ ᠭᠤᠪᠢ ᠳᠤ ᠪᠠᠶᠠᠨ ᠪᠠᠭᠤᠴᠠ ᠪᠠᠨ ᠵᠠᠰᠠᠬᠰᠠᠨ ᠨᠢᠭᠡᠲᠦᠯᠲᠦ᠂ ᠰᠤᠲᠤᠴᠡᠴᠡᠭ ᠤᠨ ᠬᠢᠨ ᠭᠡᠵᠦ ᠠᠶᠢᠷᠠᠭ ᠴᠠᠭ᠎ᠠ ᠶᠢᠨ ᠦᠨᠥᠷ ᠰᠡᠩᠬᠢᠨᠡᠭᠰᠡᠨ ᠠᠶᠢᠯ ᠰᠠᠬᠠᠭᠠᠯᠲᠠ ᠳᠠᠭᠠᠨ ᠰᠠᠭᠠᠯᠴᠢᠨ ᠠᠶᠢᠯ ᠭᠡᠵᠦ ᠠᠷᠪᠠ ᠭᠠᠷᠤᠢ ᠵᠢᠯ ᠪᠠᠶᠢᠭᠠᠯᠢᠯᠢᠭ ᠤᠯᠠᠮᠵᠢᠯᠠᠯᠲᠦ ᠴᠠᠭᠠᠨ ᠢᠲᠡᠭᠡ ᠪᠠᠨ ᠪᠤᠷᠤᠯᠠᠭᠤᠯᠵᠦ ᠶᠠᠪᠤᠭ᠎ᠠ ᠪᠠᠷᠠᠭᠤᠨ ᠦᠵᠦᠮᠦᠴᠢᠨ ᠬᠤᠰᠢᠭᠤᠨ ᠤ ᠪᠠᠶᠠᠨᠬᠤᠰᠢᠭᠤ ᠰᠤᠮᠥᠨ ᠤ ᠬᠠᠷᠠᠭᠠᠲᠦ ᠭᠠᠴᠠᠭᠠᠨ ᠤ ᠮᠠᠯᠴᠢᠨ ᠪᠢᠯᠡ᠃
     ᠡᠳᠡᠨᠠᠶᠢᠬᠢᠨ ᠵᠢᠷᠠ ᠠᠶᠠᠲᠠᠭᠤ ᠬᠤᠨᠢ᠂ ᠠᠷᠪᠠ ᠭᠠᠷᠤᠢ ᠦᠬᠡᠷ ᠲᠠᠢ᠂ ᠨᠤᠲᠤᠭ ᠪᠠᠭ᠎ᠠ ᠠᠵᠦ ᠠᠬᠤᠢ ᠶᠢᠨ ᠰᠠᠭᠤᠷᠢ ᠨᠢᠮᠭᠡᠨ ᠪᠠᠶᠢᠬᠰᠠᠨ᠃ ᠨᠢᠭᠡᠲᠦᠯᠲᠦ᠂ ᠰᠤᠲᠤᠴᠡᠴᠡᠭ ᠬᠤᠶᠠᠷ ᠥᠪᠡᠷ ᠤᠨ ᠬᠦᠴᠦ ᠪᠠᠷ ᠢᠶᠠᠨ ᠲᠡᠭᠵᠢᠷᠡᠬᠦ ᠪᠠᠷ ᠴᠢᠷᠮᠠᠶᠢᠵᠦ᠂ ᠵᠤᠨ ᠳᠠᠭᠠᠨ ᠬᠡᠲᠦᠨ ᠨᠤᠲᠤᠭ ᠤᠨ ᠦᠨᠢᠶ᠎ᠡ ᠪᠠᠨ ᠰᠠᠭᠠᠵᠦ᠂ ᠨᠠᠮᠤᠷ ᠡᠪᠦᠯ ᠳᠡᠭᠡᠨ᠂ ᠲᠡᠷᠯᠢᠭ᠂ ᠲᠡᠪᠡᠯ᠂ ᠮᠠᠯᠠᠭᠠᠢ᠂ ᠭᠤᠲᠤᠯ ᠤᠶᠤᠵᠦ ᠪᠠᠶᠢᠭᠰᠠᠨ ᠢᠶᠠᠨ ᠠᠶᠢᠯ ᠤᠨ ᠬᠤᠨᠢ ᠬᠠᠷᠢᠭᠤᠯᠬᠤ᠂ ᠰᠦᠷᠥᠭ ᠲᠠᠭᠠᠭᠠᠴᠢᠯᠠᠬᠤ ᠵᠡᠷᠭᠡ ᠠᠵᠢᠯ ᠬᠢᠵᠦ᠂ 2008 ᠤᠠ ᠳᠤ ᠨᠢᠭᠡ ᠨᠢ 8000 ᠲᠥᠭᠦᠷᠢᠭ ᠢᠶᠠᠷ ᠬᠤᠶᠠᠷ ᠰᠠᠭᠠᠯᠢ ᠶᠢᠨ ᠦᠨᠢᠶ᠎ᠡ ᠬᠤᠲᠠᠯᠲᠤᠨ ᠠᠪᠴᠦ᠂ ᠰᠦ ᠰᠠᠭᠠᠯᠢ ᠶᠢᠨ ᠪᠤᠷᠤᠯᠠᠭᠤᠯᠭ᠎ᠠ ᠶᠢᠨ ᠠᠵᠢᠯ ᠢᠶᠠᠨ ᠡᠬᠢᠯᠡᠭᠦᠯᠦᠭᠰᠡᠨ ᠪᠠᠶᠢᠨ᠎ᠠ᠃
  ᠡᠳᠡᠨᠠᠶᠢᠬᠢᠨ ᠡᠬᠢᠯᠡᠭᠡᠳ ᠤᠯᠠᠮᠵᠢᠯᠠᠯᠲᠦ ᠪᠠᠶᠢᠭᠠᠯᠢᠯᠢᠭ ᠴᠠᠭᠠᠨ ᠢᠲᠡᠭᠡ ᠪᠠᠷ ᠢᠶᠠᠨ ᠭᠤᠤᠯᠲᠠᠭᠤᠯᠵᠦ ᠪᠠᠶᠢᠭᠰᠠᠨ ᠢᠶᠠᠨ ᠬᠢᠴᠢᠶᠡᠯ ᠪᠤᠯᠪᠠᠰᠤᠷᠠᠯ ᠳᠤ ᠢᠲᠠᠪᠬᠢᠲᠠᠢ ᠣᠷᠣᠯᠴᠠᠵᠦ ᠰᠤᠷᠤᠭᠰᠠᠨ ᠠᠴᠠ ᠰᠢᠨᠡᠴᠢᠯᠡᠭᠰᠡᠨ ᠴᠠᠭᠠᠨ ᠢᠲᠡᠭᠡ ᠬᠢᠬᠦ ᠶᠢ ᠡᠵᠡᠮᠰᠢᠨ ᠲᠤᠷᠰᠢᠯᠭ᠎ᠠ ᠬᠤᠷᠠᠮᠲᠤᠭᠤᠯᠵᠦ᠂ ᠰᠦ ᠰᠠᠭᠠᠯᠢ ᠶᠢᠨ ᠲᠥᠷᠦᠯ ᠵᠥᠢᠯ ᠢᠶᠠᠨ 40 ᠭᠠᠷᠤᠢ ᠪᠤᠯᠭᠠᠭᠰᠠᠨ ᠪᠠᠶᠢᠨ᠎ᠠ᠃
  2018 ᠤᠠ ᠳᠤ ︽ᠤᠤᠭᠠᠯ ᠬᠥᠲᠡᠭᠡ︾ ᠰᠠᠭᠠᠯᠢ ᠶᠢᠨ ᠨᠡᠷᠡᠲᠦ ᠲᠡᠮᠳᠡᠭ ᠢᠶᠠᠨ ᠲᠠᠩᠰᠠᠯᠠᠭᠤᠯᠵᠦ᠂ ᠰᠢᠨᠡᠴᠢᠯᠡᠭᠰᠡᠨ ᠴᠠᠭᠠᠨ ᠢᠳᠡᠭᠡ ᠪᠠᠨ ᠪᠤᠭᠤᠳᠠᠯᠯᠠᠨ ᠭᠠᠳᠠᠭᠰᠢ ᠪᠤᠷᠤᠯᠠᠭᠤᠯᠵᠦ᠂  ᠭᠤᠤᠯᠳᠠᠭᠤ ᠰᠦᠯᠵᠢᠶ᠎ᠠ ᠪᠠᠷ ᠬᠤᠳᠠᠯᠳᠤᠳᠠᠭ ᠠᠴᠠ ᠬᠡᠷᠡᠭᠯᠡᠭᠴᠢᠳ ᠨᠢ ᠡᠳᠦᠷ ᠠᠴᠠ ᠡᠳᠦᠷ ᠤᠯᠠᠰᠢᠷᠠᠵᠦ᠂ ᠬᠤᠳᠠᠯᠳᠤᠭ᠎ᠠ ᠪᠤᠷᠤᠯᠠᠭᠤᠯᠭ᠎ᠠ ᠨᠢ ᠰᠠᠶᠢᠵᠢᠷᠠᠬᠤ ᠶᠢᠨ ᠬᠠᠮᠳᠦ᠂ ᠰᠤᠳᠤᠡᠴᠡᠴᠡᠭ 2017 ᠤᠠ ᠤ ᠵᠠᠭᠦᠨ ᠦᠵᠦᠮᠦᠴᠢᠨ ᠬᠤᠰᠢᠭᠤᠨ ᠤ ᠴᠠᠭᠠᠨ ᠢᠲᠡᠭᠡᠨ ᠤ ᠲᠡᠯᠭᠡᠨ ᠦᠵᠡᠬᠦᠯᠦᠯᠭᠡ ᠳᠤ ᠤᠷᠤᠯᠴᠠᠵᠦ᠂2018 ᠤᠠ ᠳᠤ ᠪᠠᠷᠠᠭᠤᠨ ᠬᠤᠰᠢᠭᠤᠨ ᠤ ᠤᠯᠠᠮᠵᠢᠯᠠᠯᠲᠦ ᠴᠠᠭᠠᠨ ᠢᠲᠡᠭᠡᠨ ᠤ ᠫᠢᠯᠠ ᠵᠠᠰᠠᠯ ᠤᠨ ᠤᠷᠤᠯᠲᠤᠭᠠᠨ ᠳᠤ ᠬᠢᠨᠠᠭᠴᠢ ᠪᠠᠷ ᠤᠷᠤᠯᠴᠠᠨ᠂ ᠵᠢᠷ ᠤᠨ ᠭᠤᠤᠯ ᠪᠠᠯᠭᠠᠰᠤᠨ ᠤ ᠠᠯᠲᠠᠲᠦ ᠭᠠᠴᠠᠭᠠᠨ ᠤ ᠴᠠᠭᠠᠨ ᠢᠲᠡᠭᠡᠨ ᠤ ᠤᠷᠤᠯᠲᠤᠭᠠᠨ ᠳᠤ ᠬᠢᠨᠠᠭᠴᠢ ᠪᠠᠷ ᠶᠠᠪᠤᠵᠦ᠂ ᠠᠷᠪᠠᠨ ᠲᠥᠷᠪᠡᠲᠦᠭᠡᠷ ᠬᠤᠭᠤᠴᠠᠭᠠᠨ ᠤ ᠠᠷᠠᠳ ᠤᠨ ᠶᠡᠭᠡ ᠨᠠᠶᠢᠷ ᠲᠤ ᠰᠢᠯᠢᠲᠡᠭ ᠨᠡᠷ᠎ᠡ ᠪᠠᠷ ᠲᠤᠲᠤᠷᠠᠵᠦ᠂ ᠬᠤᠪᠢ ᠬᠥᠮᠥᠠ ᠤ ᠪᠤᠭᠤᠲᠠᠯ ᠪᠠᠭᠯᠠᠭᠠᠨ ᠤ ᠤᠷᠤᠯᠲᠤᠭᠠᠨ ᠳᠤ ᠭᠤᠷᠪᠡ ᠳᠤ᠂ ︽ᠤᠷᠠᠨ ᠬᠢᠴᠢᠲᠠᠢ ᠬᠤᠷᠤᠤᠨ︾ ᠤᠨ ᠤᠷᠤᠯᠲᠤᠭᠠᠨ ᠤ ᠰᠢᠯᠢᠲᠡᠭ ᠪᠠᠶᠢᠷᠢ ᠳᠤ ᠲᠤᠲᠤᠷᠠᠭᠰᠠᠨ ᠪᠠᠶᠢᠨ᠎ᠠ᠃
   2021 ᠤᠠ ᠳᠤ ᠲᠥᠷᠦᠯ ᠵᠥᠢᠯ ᠡᠷᠡᠮᠡᠯᠵᠡᠯᠡᠨ ᠤᠯᠵᠦ᠂ ᠨᠢᠳᠤᠨᠤᠨ ᠵᠢᠯ ᠬᠠᠷᠠᠮᠦ᠋ᠷᠡᠨ ᠮᠤᠵᠢ ᠠᠴᠠ 20 ᠭᠠᠷᠤᠢ ᠲᠦᠮᠡᠨ ᠲᠦᠭᠦᠷᠢᠭ ᠢᠶᠠᠷ 9 ᠡᠾᠧᠰᠲ᠋ᠠᠨ ᠰᠦᠨ ᠤ ᠦᠨᠢᠶ᠎ᠡ ᠬᠤᠲᠠᠯᠲᠤᠨ ᠠᠪᠤᠬᠰᠠᠨ ᠠᠴᠠ ᠰᠦᠨ ᠤ ᠬᠠᠩᠭᠠᠯᠭ᠎ᠠ ᠨᠢ ᠬᠦᠢᠴᠡᠳ ᠪᠤᠯᠵᠦ᠂ ᠤᠲᠤ 40 ᠭᠠᠷᠤᠢ ᠰᠦᠨ ᠤ ᠦᠨᠢᠶ᠎ᠡ ᠲᠠᠢ᠂ ᠵᠢᠯ ᠤᠨ ᠴᠡᠪᠡᠷ ᠤᠷᠤᠯᠭ᠎ᠠ 10 ᠭᠠᠷᠤᠢ ᠲᠦᠮᠡᠨ ᠲᠥᠭᠦᠷᠢᠭ ᠲᠤ ᠬᠦᠷᠪᠡ᠃    
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠵᠠᠰᠠᠭ ᠤᠨ ᠤᠷᠳᠤᠨ ᠤ ᠮᠣᠩᠭᠣᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号