ᠠᠬ᠎ᠠ ᠳᠡᠭᠦᠦ ᠬᠤᠶᠠᠷ ᠬᠠᠳᠣᠯᠠᠩ ᠤᠨ ᠣᠯᠠᠷᠢᠯ ᠳᠤ ᠬᠠᠮᠲᠤᠷᠠᠵᠤ ᠣᠷᠣᠯᠭ᠎ᠠ ᠡᠭᠦᠳᠦᠨ᠎ᠡ | | ᠡᠪᠡᠰᠦ ᠨᠤᠭᠤᠭ᠎ᠠ ᠦᠷᠡᠯᠡᠨ ᠪᠤᠯᠪᠠᠰᠣᠷᠠᠭᠠᠳ ᠡᠯᠪᠡᠭ ᠬᠤᠷᠢᠶᠠᠯᠲᠠ ᠶᠢᠨ ᠨᠠᠯᠠᠭᠠᠷ ᠨᠠᠮᠤᠷ ᠬᠦᠷᠴᠦ ᠢᠷᠡᠬᠦ | ᠮᠦᠴᠡ ᠪᠠᠷ ᠮᠠᠯᠴᠢᠳ ᠡᠪᠡᠰᠦ ᠬᠠᠳᠣᠯᠠᠩ ᠤᠨ ᠠᠵᠢᠯ ᠳᠠᠭᠠᠨ ᠶᠠᠭᠠᠷᠠᠵᠤ ᠡᠬᠢᠯᠡᠯ᠎ᠡ᠃ | ᠪᠠᠷᠠᠭᠤᠨ ᠦᠵᠦᠮᠦᠴᠢᠨ ᠬᠤᠰᠢᠭᠤᠨ ᠤ ᠵᠢᠷ ᠤᠨ ᠭᠤᠣᠯ ᠪᠠᠯᠭᠠᠰᠣᠨ ᠤ ᠵᠢᠷᠠᠨ ᠭᠠᠴᠭᠠᠠᠨ ᠤ ᠮᠠᠯᠴᠢᠨ ᠴᠢᠩ ᠢᠤᠢ | ᠬᠤ᠋ ᠪᠣᠯᠣᠨ ᠴᠢᠩ ᠢᠤᠢ ᠯᠦᠩ ᠠᠬ᠎ᠠ ᠳᠡᠭᠦᠦ ᠬᠤᠶᠠᠷ ᠴᠤ᠋ᠣᠶᠢᠷᠠ ᠶᠢᠨ ᠬᠤᠶᠠᠷ ᠡᠳᠦᠷ ᠬᠤᠶᠠᠷ ᠬᠤᠣᠰ ᠬᠢᠳᠤᠭ᠎ᠠ | ᠲᠠᠢ ᠬᠠᠳᠣᠬᠤ ᠮᠠᠰᠢᠨ ᠢᠶᠠᠨ ᠰᠡᠯᠪᠢᠨ ᠵᠠᠰᠠᠭᠠᠳ ᠬᠠᠳᠣᠯᠠᠩ ᠳᠠᠭᠠᠨ ᠭᠠᠷᠣᠯ᠎ᠠ᠃ ᠲᠡᠳᠡ ᠬᠤᠶᠠᠷ2010 ᠣᠨ ᠠᠴᠠ | ᠡᠬᠢᠯᠡᠨ ᠵᠢᠯ ᠪᠦᠷᠢ ᠪᠤᠰᠣᠳ ᠠᠶᠢᠯ ᠳᠤ ᠡᠪᠡᠰᠦ ᠬᠠᠳᠣᠵᠤ ᠵᠣᠬᠢᠬᠤ ᠮᠠᠯᠵᠢᠯ ᠤᠨ ᠪᠤᠰᠣ ᠤᠷᠤᠯᠭ᠎ᠠ ᠣᠯᠳᠠᠭ ᠪᠠᠶᠢᠨ᠎ᠠ᠃ | ᠲᠡᠳᠡ ᠥᠪᠡᠷ ᠤᠨ ᠮᠢᠩᠭ᠎ᠠ ᠭᠠᠷᠣᠢ ᠮᠦ ᠬᠠᠳᠣᠯᠠᠩ ᠢᠶᠠᠨ ᠬᠠᠳᠣᠴᠢᠬᠠᠪᠠᠯ ᠪᠣᠰᠣᠳ ᠲᠤ ᠵᠢᠯ ᠪᠦᠷᠢ 1 ᠲᠥᠮᠡ ᠭᠠᠷᠣᠢ | ᠮᠦ ᠬᠠᠳᠣᠯᠠᠩ ᠬᠠᠳᠣᠵᠤ ᠥᠭᠭᠦᠨ᠂ ᠵᠢᠯ ᠳᠡᠭᠡᠨ ᠰᠠᠷ᠎ᠠ ᠰᠢᠬᠠᠮ ᠠᠵᠢᠯᠯᠠᠭᠠᠳ ᠬᠦᠮᠦᠨ ᠪᠦᠷᠢ ᠳᠣᠮᠳᠠᠴᠢ ᠪᠠᠷ3 ᠲᠥᠮᠡᠨ | ᠲᠥᠭᠦᠷᠢᠭ ᠤᠨ ᠴᠡᠪᠡᠷ ᠣᠷᠣᠯᠭ᠎ᠠ ᠣᠯᠳᠠᠭ ᠪᠠᠶᠢᠨ᠎ᠠ᠃ | | | | | | ᠴᠢᠩ ᠢᠤᠢ ᠬᠤ᠋ ᠶᠠᠷᠢᠬᠤ ᠳᠠᠭᠠᠨ ︽ᠪᠢᠳᠡ ᠠᠬ᠎ᠠ ᠳᠡᠭᠦᠦ ᠬᠤᠶᠠᠭᠤᠯᠠ ᠪᠤᠰᠣᠳ ᠬᠦᠮᠦᠨ ᠬᠦᠯᠦᠰᠦᠯᠡᠳᠡᠭ ᠦᠭᠡᠢ᠂ | ᠬᠡᠷᠪᠡ ᠬᠦᠮᠦᠨ ᠬᠦᠯᠦᠰᠦᠯᠡᠬᠦ ᠳᠤ ᠬᠦᠷᠪᠡᠯ ᠤᠳᠤ ᠨᠢᠭᠡ ᠬᠦᠮᠦᠨ ᠨᠢᠭᠡ ᠡᠳᠦᠷ ᠲᠤ ᠠᠳᠠᠭ ᠲᠠᠭᠠᠨ300-400 | ᠲᠥᠭᠦᠷᠢᠭ᠂ ᠰᠠᠷ᠎ᠠ ᠬᠡᠷᠡᠭᠯᠡᠬᠦ ᠳᠤ ᠬᠦᠷᠪᠡᠯ 1 ᠲᠦᠮᠡᠨ ᠲᠥᠭᠦᠷᠢᠭ ᠬᠡᠷᠡᠭᠰᠡᠨ᠎ᠡ᠃ ᠲᠡᠭᠡᠬᠦ ᠪᠠᠷ ᠥᠪᠡᠷᠰᠡᠳ ᠢᠶᠠᠨ | ᠴᠢᠷᠮᠠᠶᠢᠨ ᠠᠵᠢᠯᠯᠠᠪᠠᠯ ᠡᠨᠡ ᠮᠥᠩᠭᠦ ᠪᠠᠷ ᠢᠶᠠᠨ ᠮᠠᠰᠢᠨ ᠤ ᠡᠳ᠋ᠯᠡᠯ ᠬᠡᠷᠡᠭᠰᠡᠯ ᠢᠶᠠᠨ ᠠᠪᠤᠴᠢᠬᠠᠨᠠ ᠃ ᠪᠢᠳᠡ ᠬᠤᠶᠠᠷ ᠲᠤ | ᠮᠠᠨ ᠤ ᠬᠦᠦ ᠨᠠᠰᠢ ᠴᠠᠰᠢ ᠭᠦᠶᠦᠵᠦ ᠲᠤᠰᠠ ᠪᠤᠯᠵᠣ ᠪᠠᠶᠢᠬᠤ ᠪᠣᠯᠬᠤᠷ ᠪᠤᠯᠴᠢᠬᠠᠨ᠎ᠠ︾ ᠭᠡᠯᠡ᠃ | |