ᠦᠪ ᠰᠤᠶᠤᠯ ᠤᠨ ᠦᠨᠦᠳᠦᠷ            ᠮᠤᠩᠭᠤᠯ ᠰᠤᠶᠤᠯ  ᠮᠤᠩᠭᠤᠯ ᠠᠮᠢᠳᠤᠷᠠᠯ  ᠮᠤᠩᠭᠤᠯ ᠭᠡ᠊
ᠨᠡᠶᠢᠲᠡᠯᠡᠭᠰᠡᠨ ᠴᠠᠭ᠄
2023/8/1
 ᠦᠪ ᠰᠤᠶᠤᠯ ᠤᠨ ᠦᠨᠦᠳᠦᠷ             ᠮᠤᠩᠭᠤᠯ ᠰᠤᠶᠤᠯ  ᠮᠤᠩᠭᠤᠯ ᠠᠮᠢᠳᠤᠷᠠᠯ  ᠮᠤᠩᠭᠤᠯ ᠭᠡᠷ ᠲᠤ                                                                          ᠬᠤᠷ᠎ᠠ ᠪᠤᠷᠤᠭᠠᠨ ᠡᠯᠪᠡᠭᠰᠢᠵᠦ᠂ ᠬᠤᠷᠸ᠎ᠠ ᠲᠡᠯᠡᠬᠡᠢ ᠦᠩᠰᠢᠭᠰᠡᠨ ᠲᠡᠯᠭᠡᠷ ᠵᠤᠨ ᠤ 7 ᠰᠠᠷ᠎ᠠ ᠶᠢᠨ 23 ᠤ ᠡᠲᠦᠷ᠂ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ 33 ᠳ᠋ᠤᠭᠠᠷ ᠬᠤᠭᠤᠴᠠᠭᠠᠨ ᠤ ᠵᠢᠭᠤᠯᠴᠢᠯᠠᠯ ᠤᠨ ᠨᠠᠭᠠᠳᠤᠮ ᠦᠪᠡᠳᠡᠭᠰᠢ ᠶᠡᠬᠡᠪᠡᠷ ᠡᠬᠢᠯᠡᠪᠡ᠃     ᠡᠨᠡᠬᠦ ᠨᠠᠭᠠᠳᠤᠮ ᠤᠨ ᠨᠢᠭᠡᠨ ᠠᠭᠤᠯᠭ᠎ᠠ ᠪᠤᠯᠤᠭᠰᠠᠨ ᠰᠢᠯᠢ ᠶᠢᠨ ᠭᠤᠤᠯ ᠠᠶᠢᠮᠠᠭ ᠤᠨ ᠪᠤᠳᠠᠰ ᠤᠨ ᠪᠤᠰᠤ ᠰᠤᠶᠤᠯ ᠤᠨ ᠦᠪ ᠤᠨ ᠬᠠᠮᠠᠭᠠᠯᠠᠯᠲᠠ ᠶᠢᠨ ᠦᠷ᠎ᠡ ᠪᠦᠳᠦᠭᠡᠯ ᠤᠨ ᠲᠡᠯᠭᠡᠨ ᠦᠵᠡᠬᠦᠯᠭᠡ ᠨᠢ ᠨᠠᠶᠢᠷ ᠤᠨ ᠬᠦᠷᠢᠶᠡᠨ  ᠤ ᠪᠠᠷᠠᠭᠤᠨ ᠦᠷᠢᠳᠠᠬᠢ ᠮᠤᠩᠭᠤᠯ ᠭᠡᠷ ᠤᠳ ᠢᠶᠠᠷ  ᠲᠡᠯᠭᠡᠭᠳᠡᠨ᠂ ᠪᠦᠬᠦ ᠠᠶᠢᠮᠠᠭ ᠤᠨ ᠡᠯ᠎ᠡ ᠬᠤᠰᠢᠭᠤ ᠰᠢᠶᠠᠨ ᠠᠴᠠ ᠬᠤᠷᠠᠨ ᠴᠤᠭᠯᠠᠷᠠᠭᠰᠠᠨ ᠲᠡᠯᠭᠡᠨ ᠦᠵᠡᠬᠦᠯᠬᠡ ᠨᠢ ᠲᠠᠯ᠎ᠠ ᠨᠤᠳᠤᠭ ᠤᠨ ᠤᠯᠠᠮᠵᠢᠯᠠᠯᠲᠤ ᠰᠤᠶᠤᠯ᠂ ᠠᠮᠢᠳᠤᠷᠠᠯ ᠢ ᠲᠡᠷᠡ ᠴᠢᠭ ᠢᠶᠠᠷ ᠨᠢ ᠠᠮᠢᠳᠤᠯᠢᠭ ᠢᠶᠠᠷ ᠲᠤᠰᠬᠠᠵᠤ᠂ ᠠᠮᠢᠯᠠᠭᠤᠯᠤᠨ ᠰᠡᠷᠭᠦᠭᠡᠵᠦ ᠴᠢᠳᠠᠭᠰᠠᠨ ᠢᠶᠠᠷ ᠪᠠᠷᠠᠬᠤ ᠦᠭᠡᠢ᠂ ᠤᠯᠠᠨ ᠤ ᠠᠩᠬᠠᠷᠤᠯ ᠢ ᠠᠷᠭ᠎ᠠ ᠦᠭᠡᠢ ᠶᠡᠭᠡ ᠲᠠᠳᠠᠭᠰᠠᠨ ᠪᠠᠶᠢᠯ᠎ᠠ᠃   ᠪᠠᠷᠠᠭᠤᠨ ᠦᠵᠦᠮᠦᠴᠢᠨ ᠬᠤᠰᠢᠭᠤᠨ ᠤ ᠰᠤᠶᠤᠯ ᠲᠠᠮᠢᠷ ᠵᠢᠭᠤᠯᠴᠢᠯᠠᠯ ᠷᠠᠳᠢᠤ᠋ ᠲᠧᠯᠸᠢᠰ ᠲᠤᠪᠴᠢᠶᠠᠨ ᠠᠴᠠ ᠬᠤᠰᠢᠭᠤᠨ ᠤ ᠪᠠᠨ ᠪᠤᠳᠠᠰ ᠤᠨ ᠪᠤᠰᠤ ᠰᠤᠶᠤᠯ ᠤᠨ ᠦᠪ ᠢ ᠤᠯᠠᠮᠵᠢᠯᠠᠭᠴᠢ ᠨᠠᠷ ᠢᠶᠠᠨ ᠵᠤᠬᠢᠶᠠᠨ ᠪᠠᠶᠢᠭᠤᠯᠵᠤ᠂ ᠲᠤᠰ ᠤᠳᠠᠭᠠᠨ ᠤ ᠲᠡᠯᠭᠡᠨ ᠦᠵᠡᠬᠦᠯᠬᠡ ᠳᠤ ᠤᠷᠤᠯᠴᠠᠭᠰᠠᠨ ᠪᠠᠶᠢᠯ᠎ᠠ᠃     ᠦᠵᠦᠮᠦᠴᠢᠨ ᠨᠤᠳᠤᠭ ᠤᠨ ᠰᠢᠷᠢ ᠰᠤᠷ ᠤᠨ ᠡᠳ᠋ᠯᠡᠯ ᠤᠨ ᠤᠯᠠᠮᠵᠢᠯᠠᠭᠴᠢ ᠤᠳᠬᠠᠨ ᠨᠠᠷ ᠮᠦᠩᠭᠦᠨ ᠡᠮᠡᠭᠡᠯ ᠮᠤᠷᠢᠨ ᠰᠤᠶᠤᠯ ᠤᠨ ᠪᠦᠳᠦᠭᠡᠭᠳᠡᠬᠦᠨ᠂ ᠮᠤᠷᠢᠨ ᠬᠤᠭᠤᠷ ᠵᠡᠷᠭᠡ ᠶᠢ ᠲᠡᠯᠭᠡᠨ ᠬᠠᠷᠠᠭᠤᠯᠵᠤ᠂ ᠮᠠᠯᠴᠢᠨ ᠪᠦᠰᠡᠬᠦᠶᠢᠴᠦᠳ ᠤᠨ ᠤᠷᠠᠨ ᠭᠠᠷ ᠤᠨ ᠡᠷᠳᠡᠮ ᠢ ᠭᠠᠶᠢᠬᠠᠭᠤᠯᠤᠭᠰᠠᠨ ᠠᠯᠳᠠᠠᠬᠤᠸᠠᠷ ᠤᠨ ᠪᠦᠳᠦᠭᠡᠯ ᠨᠠᠷᠠᠨᠴᠢᠮᠡᠭ  ᠤᠨ ᠰᠦ ᠰᠠᠭᠠᠯᠢ ᠶᠢᠨ ᠪᠦᠳᠦᠭᠡᠭᠳᠡᠬᠦᠨ᠂ ᠰᠡᠷᠬᠦᠯᠡᠩ ᠪᠦᠳᠧ ᠨᠠᠷ ᠤᠨ ᠦᠵᠦᠮᠦᠴᠢᠨ ᠲᠦᠷᠪᠡᠨ ᠤᠯᠠᠷᠢᠯ ᠤᠨ ᠬᠤᠪᠴᠠᠰᠤ ᠵᠠᠰᠠᠯ᠂ ᠤᠳᠤᠮᠠᠯ ᠠᠷᠠᠰᠤᠨ ᠲᠡᠪᠡᠯ᠂ ᠲᠤᠷᠭ᠎ᠠ ᠴᠢᠰᠴᠢᠦ ᠲᠡᠷᠯᠢᠭ᠂ ᠦᠵᠦᠮᠦᠴᠢᠨ ᠴᠠᠭᠠᠨ ᠴᠠᠮᠴᠠ᠂ ᠢᠷ ᠲᠠᠷᠤᠭᠰᠠᠨ ᠠᠯᠴᠢᠭᠤᠷ  ᠵᠡᠷᠭᠡ ᠨᠢ ᠪᠤᠰᠤᠳ ᠠᠴᠠ ᠤᠨᠴᠠᠯᠢᠭᠳᠠᠵᠤ᠂ ᠲᠤᠰ ᠤᠳᠠᠭᠠᠨ ᠤ ᠶᠡᠭᠡ ᠨᠠᠶᠢᠷ ᠲᠤ ᠦᠪᠡᠷ ᠦᠪᠡᠷ ᠤᠨ ᠭᠠᠷ ᠤᠷᠠᠯᠢᠭ ᠤᠨ ᠪᠦᠳᠦᠭᠡᠯ ᠢᠶᠠᠨ ᠲᠡᠯᠭᠡᠨ ᠦᠵᠡᠬᠦᠯᠬᠦ ᠶᠢᠨ ᠬᠠᠮᠳᠤ ᠬᠤᠳᠠᠯᠳᠤᠨ ᠪᠤᠷᠤᠯᠠᠭᠤᠯᠵᠤ ᠪᠠᠶᠢᠯ᠎ᠠ᠃
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠵᠠᠰᠠᠭ ᠤᠨ ᠤᠷᠳᠤᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号