︽ᠪᠠᠭ᠋ᠠᠷᠬᠠᠯ︾ ᠳᠣᠯᠣᠳᠣᠭᠠᠷ ᠣᠳᠠᠭᠠᠨ ᠤ ᠥᠪ ᠰᠣᠶᠣᠯ ᠢ ᠣᠯᠠᠮᠵᠢᠯᠠᠬᠤ ᠭᠠᠷ ᠣᠶᠣᠳᠠᠯ ᠪᠣᠯᠣᠨ ᠭᠠᠷ | ᠪᠥᠲᠦᠭᠡᠯ ᠤᠨ ᠱᠠᠩᠨᠠᠯᠲᠣ ᠣᠷᠣᠯᠳᠣᠭᠠᠨ ᠶᠠᠪᠤᠭᠳᠠᠯ᠎ᠠ | ᠤᠶᠢᠷ᠎ᠠ ᠶᠢᠨ ᠡᠳᠦᠷ᠂ ᠰᠣᠶᠣᠯ ᠤᠨ ᠬᠥᠭᠵᠢᠯᠲᠡ ᠶᠢ ᠠᠬᠢᠭᠤᠯᠵᠤ᠂ ᠮᠣᠩᠭᠤᠯ ᠣᠶᠣᠳᠠᠯ ᠤᠨ ᠥᠪ | ᠰᠣᠶᠣᠯ ᠢ ᠣᠯᠮᠵᠢᠯᠠᠨ ᠳᠡᠯᠭᠡᠷᠡᠭᠦᠯᠬᠦ ᠡᠭᠦᠳᠡᠨ ᠠᠴᠠ ᠪᠠᠶᠠᠩᠭᠤᠣᠯ ᠨᠡᠶᠢᠭᠡᠮ ᠲᠣᠭᠤᠷᠢᠭ ᠪᠠ ᠪᠠᠭ᠋ᠠᠷᠬᠠᠯ ᠰᠣᠶᠣᠯ | ᠣᠯᠠᠮᠵᠢᠯᠠᠬᠤ ᠬᠢᠵᠠᠭᠠᠷᠲᠣ ᠺᠣᠮᠫᠠᠨᠢ ᠨᠢ ᠬᠠᠮᠲᠣᠷᠠᠨ︽ᠪᠠᠭ᠋ᠠᠷᠬᠠᠯ︾ ᠳᠣᠯᠣᠳᠣᠭᠠᠷ ᠣᠳᠠᠭᠠᠨ ᠤ ᠥᠪ ᠰᠣᠶᠣᠯ ᠢ | ᠣᠯᠠᠮᠵᠢᠯᠠᠬᠤ ᠭᠠᠷ ᠣᠶᠣᠳᠠᠯ ᠪᠣᠯᠣᠨ ᠭᠠᠷ ᠪᠥᠲᠦᠭᠡᠯ ᠤᠨ ᠱᠠᠩᠨᠠᠯᠲᠣ ᠣᠷᠣᠯᠳᠣᠭᠠᠨ ᠶᠠᠪᠣᠭᠳᠠᠭᠤᠯᠣᠭᠰᠠᠨ ᠪᠠᠶᠢᠨ᠎ᠠ | ᠃ | ᠲᠣᠰ ᠣᠳᠠᠭᠠᠨ ᠤ ᠣᠷᠣᠯᠳᠣᠭᠠᠨ ᠳᠤ ᠨᠡᠶᠢᠲᠡ 1855 ᠪᠥᠲᠦᠭᠡᠯ ᠣᠷᠣᠯᠴᠠᠵᠣ᠂ ᠲᠠᠪᠤ ᠬᠠᠰᠢᠶᠠᠷᠠᠲᠠᠢ | ᠣᠶᠢᠷ᠎ᠠ ᠬᠠᠪᠣᠭᠠᠰᠣ ᠣᠶᠣᠬᠤ᠂ ᠢᠰᠡᠭᠡᠢ ᠰᠢᠷᠢᠮᠡᠯ᠂ ᠵᠡᠭᠦᠦ ᠣᠷᠢᠶᠠᠵᠣ ᠢᠷ ᠳᠠᠷᠣᠬᠤ ᠵᠡᠷᠭᠡ ᠭᠤᠷᠪᠠᠨ ᠲᠥᠷᠦᠯ | ᠢᠶᠠᠷ ᠶᠠᠪᠤᠭᠳᠠᠨ ᠪᠥᠰᠡᠭᠦᠶᠢᠴᠦᠳ ᠤᠨ ᠭᠠᠷ ᠤᠨ ᠣᠷᠠᠨ ᠢ ᠰᠢᠯᠭᠠᠭᠰᠠᠨ ᠪᠠᠶᠢᠨ᠎ᠠ᠃ | ᠣᠷᠣᠯᠳᠣᠭᠠᠨ ᠳᠤ ︽ᠥᠪ ᠰᠣᠶᠣᠯ ᠪᠣᠯᠣᠨ ᠥᠪᠡᠷ ᠤᠨ ᠭᠠᠷ ᠣᠷᠠᠯᠠᠯ ᠢ ᠳᠡᠭᠡᠭᠰᠢᠯᠡᠭᠦᠯᠬᠦ ᠪᠠ ᠡᠭᠦᠳᠦᠨ | ᠪᠥᠲᠦᠭᠡᠬᠦ ᠶᠢ ᠰᠣᠳᠣᠯᠣᠨ ᠶᠠᠷᠢᠯᠴᠠᠬᠤ ︾ ᠰᠠᠭᠤᠳᠠᠯ ᠤᠨ ᠬᠤᠷᠠᠯ ᠠᠴᠠ ᠭᠠᠳᠠᠨ᠎ᠠ᠂ ᠥᠪᠦᠷ ᠮᠣᠩᠭᠤᠯ ᠤᠨ ᠭᠡᠷ | ᠤᠨ ᠬᠥᠮᠦᠵᠢᠯ ᠤᠨ ᠨᠡᠶᠢᠭᠡᠮᠯᠢᠭ ᠤᠨ ᠲᠣᠰᠬᠠᠢ ᠪᠠᠭᠰᠢ ᠪᠠᠷ ᠳᠠᠩᠰᠠᠯᠠᠭᠳᠠᠭᠰᠠᠨ ᠯᠧᠭᠲ᠋ᠤᠷ᠂ ᠥᠪᠦᠷ ᠮᠤᠩᠭᠤᠯ ᠤᠨ | ᠭᠡᠷ ᠤᠨ ᠬᠥᠮᠦᠵᠢᠯ ᠤᠨ ᠵᠥᠪᠯᠡᠯ ᠤᠨ ᠬᠡᠷᠡᠭ ᠡᠷᠬᠢᠯᠡᠭᠴᠢ ᠪᠠᠭᠰᠢ ᠨᠠᠷᠠᠲᠣᠶᠠᠠᠭᠠ ᠂ ᠤᠶᠤᠭᠡᠷᠡᠯ ᠪᠠᠭᠰᠢ ᠠᠴᠠ ︽ | ᠵᠢᠷᠭᠤᠭᠠᠨ ᠨᠠᠰᠣᠨ ᠠᠴᠠ ᠡᠮᠦᠨ᠎ᠡ ᠬᠡᠦᠬᠡᠳ ᠤᠨ ᠬᠥᠮᠦᠵᠢᠯ᠂ ᠲᠣᠮᠣᠴᠣᠳ ᠤᠨ ᠬᠥᠮᠦᠵᠢᠯ︾᠂ ︽ᠣᠷᠠᠯᠢᠭ | ᠬᠦᠮᠦᠨ ᠢ ᠡᠭᠦᠳᠦᠨ ᠪᠥᠲᠦᠭᠡᠯᠴᠢ ᠪᠣᠯᠭᠠᠳᠠᠭ︾ ᠬᠡᠬᠦ ᠰᠡᠳᠦᠪ ᠢᠶᠠᠷ ᠶᠠᠷᠢᠶ᠎ᠠ ᠲᠠᠶᠢᠯᠣᠮᠵᠢ ᠬᠢᠭᠰᠡᠨ ᠪᠠᠶᠢᠨ᠎ᠠ᠃ | ᠣᠷᠣᠯᠳᠣᠭᠠᠨ ᠤ ᠡᠴᠦᠰ ᠲᠤ ᠲᠥᠷᠦᠯ ᠪᠥᠷᠢ ᠠᠴᠠ ᠨᠢᠭᠡᠳᠦᠭᠡᠷ ᠳᠡᠰ ᠲᠤ ᠨᠢᠭᠡ ᠨᠡᠷ᠎ᠡ᠂ ᠬᠤᠶᠠᠳᠣᠭᠠᠷ | ᠨᠡᠷ᠎ᠡ ᠳᠤ ᠬᠤᠶᠠᠷ ᠨᠡᠷ᠎ᠡ᠂ ᠭᠤᠷᠪᠠᠳᠣᠭᠠᠷ ᠨᠡᠷ᠎ᠡ ᠳᠤ ᠭᠤᠷᠪᠠᠨ ᠨᠡᠷᠡᠰ ᠪᠥᠲᠦᠭᠡᠯ ᠢ ᠱᠠᠩᠨᠠᠵᠣ᠂ ᠦᠨᠳᠦᠰᠦᠲᠡᠨ ᠤ | ᠣᠯᠠᠮᠵᠢᠯᠠᠯᠲᠣ ᠥᠪ ᠰᠣᠶᠣᠯ ᠢᠶᠠᠨ ᠨᠡᠩ ᠴᠢᠨᠠᠭᠰᠢᠳᠠ ᠣᠯᠠᠮᠵᠢᠯᠠᠨ ᠪᠠᠳᠠᠷᠠᠭᠤᠯᠵᠣ᠂ ᠬᠥᠭᠵᠢᠭᠦᠯᠵᠣ ᠶᠠᠪᠣᠬᠤ ᠶᠢ | ᠵᠣᠷᠢᠭᠵᠢᠭᠤᠯᠣᠭᠰᠠᠨ ᠪᠠᠶᠢᠨ᠎ᠠ᠃ | |