ᠮᠠᠯᠴᠢᠨ ᠵᠢᠷᠤᠮᠪᠠᠳᠤ ᠴᠠᠭᠠᠨ ᠦᠭᠡᠷ ᠮᠠᠯᠵᠢᠨ ᠠᠰᠢᠭ ᠤᠷᠤᠯᠭ᠎ᠠ ᠪᠠᠨ ᠨᠡᠮᠡᠭᠳᠡᠭᠦᠯᠵᠦ ᠶᠠᠪᠤᠨ᠎ᠠ
ᠨᠡᠶᠢᠲᠡᠯᠡᠭᠰᠡᠨ ᠴᠠᠭ᠄
2023/8/1
  ᠮᠠᠯᠴᠢᠨ ᠵᠢᠷᠤᠮᠪᠠᠳᠤ ᠴᠠᠭᠠᠨ ᠦᠭᠡᠷ ᠮᠠᠯᠵᠢᠨ ᠠᠰᠢᠭ ᠤᠷᠤᠯᠭ᠎ᠠ ᠪᠠᠨ ᠨᠡᠮᠡᠭᠳᠡᠭᠦᠯᠵᠦ ᠶᠠᠪᠤᠨ᠎ᠠ                      ᠵᠤᠨ ᠤ ᠰᠠᠶᠢᠬᠠᠨ ᠨᠠᠯᠠᠭᠠᠷ ᠡᠳᠦᠷ ᠪᠢᠳᠡ ᠬᠦᠳᠡᠭᠡ ᠨᠤᠳᠤᠭ ᠢᠶᠠᠷ ᠢᠶᠠᠨ ᠰᠤᠷᠪᠤᠯᠵᠢᠯᠠᠨ ᠶᠠᠪᠤᠬᠤ ᠳᠤ ᠬᠠᠯᠠᠭᠠᠶᠢᠳᠦ ᠶᠢᠨ ᠤᠪᠤᠭᠠᠨ ᠤ ᠡᠩᠭᠡᠷ ᠬᠤᠷᠮᠤᠢ ᠳᠤ ᠨᠤᠮᠢᠨ ᠨᠤᠭᠤᠭᠠᠨ ᠲᠡᠨᠵᠢ ᠲᠠᠮᠵᠢᠨ ᠲᠠᠭᠠᠳᠠᠢ ᠪᠡᠯᠴᠢᠭᠡᠷᠯᠡᠬᠦ ᠴᠠᠭᠠᠨ ᠰᠦᠷᠦᠭ ᠬᠠᠷᠠᠭᠠᠨ ᠳᠤ ᠲᠤᠰᠪᠠ᠃ ᠡᠨᠡ ᠪᠤᠯ ᠮᠠᠨ ᠤ ᠵᠤᠷᠢᠨ ᠶᠠᠪᠤᠭ᠎ᠠ ᠴᠠᠭᠠᠨ ᠦᠬᠡᠷ ᠮᠠᠯᠵᠢᠵᠤ ᠪᠠᠶᠢᠭ᠎ᠠ ᠮᠠᠯᠴᠢᠨ ᠵᠢᠷᠤᠮᠪᠠᠳᠤ ᠶᠢᠨ ᠵᠤᠰᠠᠭᠠᠯ ᠤᠨ ᠨᠤᠳᠤᠭ ᠪᠠᠶᠢᠯ᠎ᠠ᠃
      ᠵᠢᠷᠤᠮᠪᠠᠳᠤ ᠶᠢᠨ ᠬᠢᠨ ᠬᠤᠭᠤᠯᠠᠳᠤ ᠶᠢᠨ ᠭᠤᠤᠯ ᠪᠠᠯᠭᠠᠰᠤᠨ ᠤ ᠨᠤᠭᠤᠭᠠᠠᠪᠤᠯᠠᠭ ᠭᠠᠴᠠᠭᠠᠨ ᠤ ᠮᠠᠯᠴᠢᠨ ᠶᠤᠮ᠃ ᠵᠢᠷᠤᠮᠪᠠᠳᠤ ᠶᠢᠨ ᠪᠠᠭ᠎ᠠ ᠶᠢᠨ ᠦᠶ᠎ᠡ ᠳᠤ ᠲᠠᠪᠤᠨ ᠬᠤᠰᠢᠭᠤ ᠮᠠᠯ ᠢᠶᠠᠨ ᠲᠡᠭᠰᠢ ᠰᠠᠶᠢᠬᠠᠨ ᠮᠠᠯᠵᠢᠨ ᠠᠵᠤ ᠲᠦᠷᠦᠵᠦ ᠪᠠᠶᠢᠭᠰᠠᠨ ᠢᠶᠠᠨ ᠰᠡᠭᠦᠯ ᠤᠨ ᠦᠶ᠎ᠡ ᠳᠤ ᠨᠤᠳᠤᠭ ᠤᠨ ᠡᠷᠳᠡᠨᠢ ᠦᠵᠦᠮᠦᠴᠢᠨ ᠬᠤᠨᠢ ᠪᠠᠨ ᠭᠤᠤᠯᠯᠠᠨ ᠮᠠᠯᠵᠢᠬᠤ ᠪᠤᠯᠤᠭᠰᠠᠨ ᠪᠠᠶᠢᠵᠠᠢ᠃ 2017 ᠤᠨ ᠳᠤ ᠵᠢᠷᠤᠮᠪᠠᠳᠤ ᠮᠠᠯ ᠪᠡᠯᠴᠢᠭᠡᠷ ᠤᠨ ᠲᠡᠩᠴᠡᠭᠦᠷᠢᠰᠢᠯ᠂ ᠵᠠᠬ᠎ᠠ ᠲᠡᠯᠭᠡᠭᠦᠷ ᠤᠨ ᠬᠠᠨᠳᠤᠰᠢ᠂ ᠮᠠᠯ ᠤᠨ ᠡᠭᠦᠯᠳᠡᠷ ᠤᠠᠠᠰᠠᠭ᠎ᠠ ᠬᠡᠬᠦᠴᠢᠯᠡᠨ ᠤᠯᠠᠨ ᠲᠠᠯ᠎ᠠ ᠶᠢ ᠪᠤᠳᠤᠯᠬᠢᠯᠠᠭᠰᠠᠨ ᠤ ᠳ᠋ᠦᠩ ᠳᠤ ᠲᠠᠬᠢᠨᠳᠠ ᠰᠦᠷᠦᠭ ᠤᠨ ᠪᠦᠳᠦᠴᠡ ᠳᠡᠭᠡᠨ ᠲᠤᠬᠢᠷᠠᠭᠤᠯᠤᠯᠳᠠ ᠬᠢᠵᠦ᠂ ᠴᠠᠭᠠᠨ ᠦᠬᠡᠷ ᠮᠠᠯᠵᠢᠵᠤ ᠡᠬᠢᠯᠡᠭᠰᠡᠨ ᠪᠠᠶᠢᠨ᠎ᠠ᠃
    ᠵᠢᠷᠤᠮᠪᠠᠳᠤ ᠬᠠᠮᠤᠭ ᠠᠩᠬ᠎ᠠ ᠬᠤᠷᠢᠭᠠᠳ ᠦᠬᠢᠨ ᠲᠤᠭᠤᠯ ᠬᠤᠳᠠᠯᠳᠤᠨ ᠠᠪᠴᠤ ᠲᠡᠵᠢᠭᠡᠨ ᠦᠰᠬᠡᠬᠦ ᠶᠢᠨ ᠬᠠᠮᠳᠤ᠂ ᠪᠤᠰᠤᠳ ᠲᠦᠷᠦᠯ ᠤᠨ ᠮᠠᠯ ᠢᠶᠠᠨ ᠵᠢᠯ ᠲᠠᠷᠠᠭᠠᠯᠠᠨ ᠪᠠᠭᠠᠰᠬᠠᠵᠦ ᠴᠠᠭᠠᠨ ᠦᠬᠡᠷ ᠢ ᠦᠰᠬᠡᠨ ᠰᠢᠯᠢᠳᠡᠭᠵᠢᠬᠦᠯᠵᠦ ᠢᠷᠡᠵᠡᠢ᠃ ᠦᠬᠡᠷ ᠤᠨ ᠴᠢᠨᠠᠷ ᠴᠢᠨᠰᠠᠭ᠎ᠠ ᠪᠠᠨ ᠰᠠᠶᠢᠵᠢᠷᠠᠭᠤᠯᠬᠤ ᠶᠢᠨ ᠲᠦᠯᠦᠭᠡ ᠲᠡᠷᠡᠪᠡᠷ ᠦᠪᠡᠷᠳᠡᠭᠡᠨ ᠬᠡᠭᠡᠯᠳᠦᠭᠦᠯᠭᠡ ᠶᠢᠨ ᠮᠡᠷᠭᠡᠵᠢᠯ ᠰᠤᠷᠴᠤ ᠨᠢᠳᠤᠨᠤᠨ ᠠᠴᠠ ᠡᠬᠢᠯᠡᠨ ᠦᠨᠢᠶᠡᠳ ᠲᠡᠭᠡᠨ ᠭᠠᠷ ᠭᠡᠭᠡᠯᠳᠦᠭᠦᠯᠭᠡ ᠬᠢᠪᠡ᠃ ᠵᠢᠷᠤᠮᠪᠠᠳᠤ ᠶᠢᠨ ᠦᠬᠡᠷ ᠤᠨ ᠡᠭᠦᠯᠳᠡᠷ ᠴᠢᠨᠰᠠᠭ᠎ᠠ ᠨᠢ ᠰᠠᠶᠢᠵᠢᠷᠠᠭᠰᠠᠨ ᠢᠶᠠᠷ ᠦᠬᠡᠷ ᠢᠶᠠᠨ ᠨᠡᠯᠢᠶᠡᠳ ᠰᠠᠶᠢᠨ ᠦᠨ᠎ᠡ ᠪᠠᠷ ᠬᠤᠳᠠᠯᠳᠤᠨ ᠪᠤᠷᠤᠯᠠᠭᠤᠯᠬᠤ ᠪᠤᠯᠵᠤ᠂ ᠨᠢᠳᠤᠨᠤᠨ 15 ᠲᠦᠮᠡᠨ ᠲᠦᠭᠦᠷᠢᠭ ᠤᠨ ᠴᠡᠪᠡᠷ ᠤᠷᠤᠯᠭ᠎ᠠ ᠤᠯᠤᠭᠰᠠᠨ ᠪᠠᠶᠢᠨ᠎ᠠ᠃
  ᠵᠢᠷᠤᠮᠪᠠᠳᠤ ᠤᠳᠤ ᠬᠤᠪᠢᠨ ᠤ 2340 ᠮᠦ ᠨᠤᠳᠤᠭ ᠪᠡᠯᠴᠢᠭᠡᠷ ᠲᠡᠭᠡᠷ᠎ᠡ ᠪᠠᠨ ᠪᠤᠰᠤᠳ ᠤᠨ 2900 ᠮᠦ ᠨᠤᠳᠤᠭ ᠢ ᠲᠦᠷᠢᠶᠡᠰᠦᠯᠡᠨ ᠬᠡᠷᠡᠭᠯᠡᠵᠦ᠂ 70 ᠭᠠᠷᠤᠢ ᠴᠠᠭᠠᠨ ᠦᠬᠡᠷ ᠲᠡᠵᠢᠭᠡᠵᠦ᠂ ᠡᠨᠡ ᠵᠢᠯ 45 ᠲᠤᠭᠤᠯ ᠲᠤᠰᠤᠭᠰᠠᠨ ᠪᠠᠶᠢᠯ᠎ᠠ᠃ ᠵᠢᠷᠤᠮᠪᠠᠳᠤ ᠶᠢᠨ ᠦᠬᠡᠷ ᠤᠨ ᠰᠦᠷᠦᠭ ᠢ ᠬᠠᠷᠠᠬᠤ ᠳᠤ ᠲᠠᠷᠭᠤ ᠬᠦᠴᠦ ᠰᠠᠶᠢᠳᠠᠢ᠂ ᠵᠤᠰᠠᠭᠠᠯ ᠤᠨ ᠪᠡᠯᠴᠢᠭᠡᠷ ᠨᠢ ᠰᠡᠷᠭᠦᠨ ᠰᠡᠷᠪᠡᠶᠢᠵᠦ ᠮᠠᠯᠴᠢᠨ ᠡᠵᠡᠨ ᠢᠶᠠᠨ ᠪᠠᠶᠠᠰᠬᠠᠨ᠎ᠠ᠃ ︽ᠤᠨᠳᠤᠷᠬᠤ ᠦᠬᠡᠷ ᠢᠶᠠᠨ ᠲᠠᠯᠠ ᠤᠷᠴᠢᠮ ᠢᠶᠠᠷ ᠬᠢᠵᠠᠭᠠᠷᠯᠠᠭᠠᠳ ᠯᠠ ᠮᠠᠯᠵᠢᠪᠠᠯ ᠨᠤᠳᠤᠭ ᠤᠨ ᠲᠡᠩᠴᠡᠭᠦᠷᠢᠰᠢᠯ ᠢᠶᠠᠨ ᠪᠠᠳᠤᠯᠠᠴᠢᠬᠠᠬᠤ ᠮᠦᠷᠳᠡᠭᠡᠨ ᠤᠷᠤᠯᠭ᠎ᠠ ᠪᠠᠨ ᠴᠦ ᠪᠠᠳᠤᠯᠠᠴᠢᠬᠠᠨ᠎ᠠ︾ ᠭᠡᠵᠦ ᠵᠢᠷᠤᠮᠪᠠᠳᠤ ᠶᠠᠷᠢᠵᠦ ᠪᠠᠶᠢᠯ᠎ᠠ᠃ ᠡᠪᠡᠰᠦ ᠪᠤᠷᠳᠤᠭ᠎ᠠ ᠬᠤᠳᠠᠯᠳᠤᠨ ᠠᠪᠬᠤ᠂ ᠨᠤᠳᠤᠭ ᠲᠦᠷᠢᠶᠡᠰᠦᠯᠡᠬᠦ ᠬᠡᠭᠦᠴᠢᠯᠡᠨ ᠮᠠᠯᠵᠢᠬᠤ ᠦᠢᠯᠡᠳᠪᠦᠷᠢᠯᠡᠯ ᠤᠨ ᠵᠠᠷᠤᠳᠠᠯ ᠦᠰᠴᠦ᠂ ᠮᠠᠯ ᠤᠨ ᠬᠠᠩᠰᠢ ᠲᠤᠭᠳᠠᠪᠤᠷᠢ ᠦᠭᠡᠢ ᠪᠠᠶᠢᠭ᠎ᠠ ᠵᠠᠬ᠎ᠠ ᠲᠡᠯᠭᠡᠭᠦᠷ ᠤᠨ ᠤᠷᠴᠢᠨ  ᠳᠤ ᠵᠢᠷᠤᠮᠪᠠᠳᠤ ᠵᠦᠢ ᠵᠤᠬᠢᠰᠳᠠᠢ ᠮᠠᠯᠵᠢᠯ ᠤᠨ ᠵᠠᠮ ᠢᠶᠠᠨ ᠰᠤᠩᠭᠤᠭᠰᠠᠨ ᠨᠢ ᠢᠯᠡᠷᠬᠡᠢ ᠪᠠᠶᠢᠯ᠎ᠠ᠃
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠵᠠᠰᠠᠭ ᠤᠨ ᠤᠷᠳᠤᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号