ᠮᠣᠷᠢ ᠤᠨᠤᠵᠤ ᠪᠡᠶ᠎ᠡ ᠴᠢᠭᠢᠷᠠᠭᠵᠢᠭᠤᠯᠬᠤ ᠨᠢ ᠬᠦᠮᠥᠰ ᠤᠨ ᠠᠩᠬᠠᠷᠣᠯ ᠳᠤ ᠬᠦᠷᠴᠦ ᠪᠤᠢ | | ᠪᠡᠶ᠎ᠡ ᠮᠠᠬᠠᠪᠤᠳ ᠢᠶᠠᠨ ᠲᠠᠪᠲᠠᠨ ᠪᠤᠯᠪᠠᠰᠣᠷᠠᠭᠤᠯᠵᠤ᠂ ᠡᠷᠡᠭᠦᠯ ᠴᠢᠭᠢᠷᠠᠭ ᠪᠠᠶᠠᠷ ᠪᠠᠶᠠᠰᠣᠯ ᠲᠠᠢ ᠠᠮᠢᠳᠣᠷᠠᠬᠤ ᠨᠢ | ᠣᠳᠣᠬᠢ ᠬᠥᠮᠦᠰ ᠤᠨ ᠬᠥᠭᠡᠭᠡᠯᠴᠡᠳᠡᠭ ᠠᠮᠢᠳᠣᠷᠠᠯ ᠤᠨ ᠬᠡᠯᠪᠡᠷᠢ ᠪᠣᠯᠣᠭᠰᠠᠨ ᠪᠣᠯ ᠶᠠᠮᠠᠷ ᠠᠷᠭ᠎ᠠ ᠮᠠᠶ᠋ᠢᠭ ᠢᠶᠠᠷ ᠪᠡᠶ᠎ᠡ | ᠮᠠᠬᠠᠪᠣᠳ ᠢᠶᠠᠨ ᠴᠢᠭᠢᠷᠠᠭᠵᠢᠭᠤᠯᠬᠤ ᠨᠢ ᠨᠡᠩ ᠴᠢᠬᠤᠯᠠ ᠰᠣᠩᠭᠤᠯᠲᠠ ᠪᠣᠯᠣᠭᠰᠠᠨ ᠪᠠᠶᠢᠨ᠎ᠠ᠃ ᠣᠯᠠᠩᠭᠢ ᠬᠦᠮᠦᠰ ᠪᠡᠶ᠎ᠡ | ᠴᠢᠭᠢᠷᠠᠭᠵᠢᠭᠤᠯᠬᠤ ᠲᠥᠪ ᠲᠤ ᠬᠦᠷᠴᠦ ᠬᠥᠶᠦᠬᠦ ᠦᠰᠦᠷᠬᠦ᠂ ᠬᠦᠨᠳᠦ ᠡᠷᠬᠦᠬᠦ ᠵᠡᠷᠭᠡ ᠦᠨᠳᠦᠰᠦᠨ ᠪᠤᠯᠪᠠᠰᠣᠷᠠᠯ ᠬᠢᠵᠦ | ᠪᠡᠶ᠎ᠡ ᠴᠢᠭᠢᠷᠠᠭᠵᠢᠭᠤᠯᠣᠨ ᠮᠠᠷᠢᠶ᠎ᠠ ᠰᠢᠭᠤᠷᠠᠭᠤᠯᠬᠤ ᠳᠤ ᠬᠠᠷᠢᠨ ᠨᠢᠭᠡ ᠪᠥᠯᠦᠭ ᠬᠦᠮᠦᠰ ᠮᠣᠷᠢ ᠣᠨᠤᠵᠤ ᠪᠠᠶᠢᠭᠠᠯᠢ ᠠᠬᠤᠢ | ᠲᠠᠢ ᠣᠶᠢᠷᠠᠲᠤᠨ ᠪᠡᠶ᠎ᠡ ᠰᠡᠳᠭᠢᠴᠡ ᠶᠢᠨ ᠵᠡᠷᠭᠡ ᠪᠣᠯᠪᠠᠰᠣᠷᠠᠯ ᠬᠥᠷᠲᠡᠬᠦ ᠶᠢ ᠵᠣᠷᠢᠳᠠᠭ᠃ | ᠡᠭᠦᠨ ᠳᠤ᠂ ᠪᠠᠷᠠᠭᠤᠨ ᠦᠵᠦᠮᠦᠴᠢᠨ ᠬᠤᠰᠢᠭᠤᠨ ᠤ ᠪᠥᠬᠦ ᠠᠷᠠᠳ ᠤᠨ ᠪᠡᠶ᠎ᠡ ᠴᠢᠭᠢᠷᠠᠭᠵᠢᠭᠤᠯᠬᠤ ᠲᠥᠪ ᠠᠴᠠ | 2020 ᠣᠨ ᠠᠴᠠ ᠨᠠᠰᠢ ᠰᠣᠷᠲᠠᠯᠲᠤ᠂ ᠪᠦᠬᠡᠲᠡᠮᠦᠷ᠂ ᠠᠯᠲᠠᠨᠬᠦᠦ ᠵᠡᠷᠭᠡ ᠮᠠᠯᠴᠢᠳ ᠲᠠᠢ ᠬᠠᠮᠲᠤᠷᠠᠨ ︽ᠮᠣᠷᠢᠲᠠᠢ | ᠠᠶᠠᠯᠠᠯ︾ ᠪᠡᠶ᠎ᠡ ᠴᠢᠭᠢᠷᠠᠭᠵᠢᠭᠤᠯᠬᠤ ᠬᠥᠳᠡᠯᠭᠡᠭᠡᠨ ᠢ ᠵᠣᠬᠢᠶᠠᠨ ᠪᠠᠶᠢᠭᠤᠯᠵᠤ ᠂ ᠬᠤᠰᠢᠭᠤᠨ ᠲᠥᠪ ᠲᠤ ᠠᠵᠢᠯ ᠠᠯᠪᠠ | ᠲᠠᠢ ᠬᠦᠮᠦᠰ ᠪᠣᠯᠣᠨ ᠬᠡᠣᠬᠡᠳ ᠪᠠᠭᠠᠴᠣᠳ ᠤᠨ ᠮᠣᠷᠢ ᠣᠨᠤᠬᠤ ᠦᠨᠳᠦᠰᠦᠨ ᠪᠤᠯᠪᠠᠰᠣᠷᠠᠯ ᠢ ᠵᠢᠯᠤᠭᠤᠳᠴᠤ᠂ | ᠬᠦᠮᠦᠰ ᠤᠨ ᠠᠵᠢᠯ ᠤᠨ ᠴᠢᠯᠡᠭᠡ ᠪᠠᠨ ᠲᠠᠶᠢᠯᠵᠤ᠂ ᠰᠠᠳᠭᠢᠯ ᠰᠠᠨᠠᠭ᠎ᠠ ᠪᠠᠨ ᠲᠠᠶᠢᠪᠣᠰᠢᠷᠠᠭᠤᠯᠣᠨ᠂ ᠪᠡᠶ᠎ᠡ ᠮᠠᠬᠠᠪᠣᠳ ᠢᠶᠠᠨ | ᠴᠢᠭᠢᠷᠠᠭᠵᠢᠭᠤᠯᠬᠤ ᠳᠤ ᠨᠢ ᠲᠤᠰᠠᠯᠠᠵᠤ᠂ ᠮᠠᠰᠢ ᠤᠯᠠᠨ ᠮᠣᠷᠢ ᠤᠨᠤᠬᠤ ᠳᠤ ᠳᠤᠷ᠎ᠠ ᠪᠠᠭ᠋ᠠᠲᠠᠢ ᠬᠦᠮᠦᠰ ᠠᠵᠢᠯ ᠤᠨ ᠵᠠᠪ | ᠴᠢᠯᠦᠭᠡ ᠢᠶᠠᠷ ᠢᠶᠠᠨ ᠠᠳᠡ ᠢᠷᠡᠵᠦ ᠮᠣᠷᠢ ᠣᠨᠣᠨ ᠂ ᠪᠠᠶᠢᠭᠠᠯᠢ ᠶᠢᠨ ᠦᠩᠭᠡ ᠦᠵᠡᠮᠵᠢ ᠶᠢ ᠰᠣᠨᠢᠷᠬᠠᠳᠠᠭ ᠪᠣᠯᠵᠠᠢ᠃ | ᠣᠶᠢᠯᠠᠭᠠᠭᠰᠠᠨ ᠢᠶᠠᠷ᠂ ᠲᠤᠰ ᠮᠣᠷᠢ ᠤᠨᠤᠵᠤ ᠪᠡᠶ᠎ᠡ ᠴᠢᠭᠢᠷᠠᠭᠵᠢᠭᠤᠯᠬᠤ ᠰᠣᠷᠭᠠᠯᠲᠠ ᠶᠢᠨ ᠴᠡᠭᠨᠢ ᠭᠠᠷᠠᠭ ᠪᠥᠷᠢ | ᠪᠠᠷᠤᠭ 200 ᠭᠠᠷᠣᠢ ᠬᠦᠮᠦᠨ ᠤᠳᠠᠭᠠᠨ ᠤ ᠮᠣᠷᠢ ᠤᠨᠤᠬᠤ ᠪᠣᠯᠪᠠᠰᠣᠷᠠᠯ ᠬᠥᠷᠲᠡᠭᠡᠵᠦ᠂ ᠦᠷᠭᠦᠯᠵᠢ ᠶᠢᠨ ᠴᠢᠨᠠᠷᠲᠠᠢ | ᠮᠣᠷᠢ ᠣᠨᠤᠳᠠᠭ ᠬᠦᠮᠦᠰ ᠴᠤ ᠮᠠᠰᠢ ᠣᠯᠠᠨ ᠪᠠᠶᠢᠵᠣ᠂ ᠵᠢᠯ ᠤᠨ ᠳᠥᠷᠪᠠᠨᠨ ᠣᠯᠠᠷᠢᠯ ᠳᠤ ᠮᠣᠷᠢ ᠤᠨᠤᠬᠤ ᠬᠦᠮᠦᠰ ᠶᠡᠷᠦ | ᠳᠠᠰᠣᠷᠠᠳᠠᠭ ᠦᠭᠡᠢ ᠪᠠᠶᠢᠵᠠᠢ ᠃ ᠲᠣᠰ ᠴᠡᠭ ᠨᠢ ᠪᠠᠰᠠ ᠵᠢᠯ ᠳᠤ ᠠᠷᠪᠠ ᠭᠠᠷᠣᠢ ᠣᠳᠠᠭᠠᠨ ᠤ ᠮᠣᠷᠢᠲᠠᠢ ᠬᠤᠯᠠ | ᠠᠶᠠᠯᠠᠯ ᠤᠨ ᠬᠥᠳᠡᠯᠭᠡᠭᠡᠨ ᠢ ᠵᠣᠬᠢᠶᠠᠨ ᠪᠠᠶᠢᠭᠤᠯᠵᠤ᠂ ᠮᠠᠰᠢ ᠣᠯᠠᠨ ᠮᠣᠷᠢ ᠤᠨᠤᠭᠠᠨ ᠳᠤ ᠳᠤᠷ᠎ᠠ ᠪᠠᠭ᠋ᠠᠲᠠᠢ ᠬᠦᠮᠦᠰ | ᠣᠷᠤᠯᠴᠠᠨ᠂ ᠨᠤᠲᠤᠭ ᠣᠰᠤᠨ ᠤ ᠪᠠᠨ ᠠᠭᠤᠯᠠ ᠣᠰᠣᠨ ᠤ ᠦᠩᠭᠡ ᠦᠵᠡᠮᠵᠢ ᠶᠢ ᠰᠣᠨᠢᠷᠬᠠᠵᠤ᠂ ᠰᠡᠳᠬᠢᠯ ᠰᠡᠷᠭᠦᠭᠡᠨ | ᠵᠤᠭᠠᠴᠠᠨ ᠠᠶᠠᠯᠠᠳᠠᠭ ᠪᠠᠶᠢᠨ᠎ᠠ᠃ | ᠮᠣᠷᠢ ᠣᠨᠤᠬᠤ ᠳᠤ ᠬᠦᠮᠦᠨ ᠤ ᠪᠡᠶ᠎ᠡ ᠶᠢᠨ ᠪᠥᠬᠦ ᠴᠤᠭᠴᠠ ᠵᠡᠷᠭᠡᠳᠡ ᠬᠥᠳᠡᠯᠭᠡᠭᠡᠨ ᠳᠤ ᠣᠷᠣᠯᠴᠠᠨ᠂ ᠰᠡᠳᠭᠢᠯ | ᠰᠠᠨᠠᠭ᠎ᠠ ᠲᠠᠶᠢᠪᠤᠩ ᠲᠤᠭᠲᠠᠭᠤᠨ ᠪᠣᠯᠵᠤ᠂ ᠪᠡᠶᠡᠰᠡᠳᠭᠢᠴᠡ ᠲᠡᠩᠴᠡᠭᠦᠷᠢᠰᠢᠯ ᠢᠶᠠᠨ ᠣᠯᠵᠤ ᠪᠡᠶ᠎ᠡ ᠮᠠᠬᠠᠪᠣᠳ ᠪᠥᠬᠦ | ᠲᠠᠯ᠎ᠠ ᠪᠠᠷ ᠲᠠᠪᠲᠠᠨ ᠪᠣᠯᠪᠠᠰᠣᠷᠠᠳᠠᠭ ᠃ ᠨᠡᠩ ᠢᠯᠠᠩᠭᠤᠶ᠎ᠠ ᠬᠡᠣᠬᠡᠳ ᠪᠠᠭᠠᠴᠣᠳ ᠮᠣᠷᠢ ᠣᠨᠤᠵᠤ ᠪᠤᠯᠪᠠᠰᠣᠷᠠᠬᠤ ᠳᠤ | ᠵᠣᠷᠢᠭ ᠰᠦᠰᠦᠲᠡᠢ᠂ ᠰᠢᠢᠳᠮᠡᠭᠡᠢ᠂ ᠬᠤᠷᠴᠠ ᠰᠡᠷᠭᠡᠭ᠂ ᠲᠡᠰᠪᠤᠷᠢ ᠳᠠᠭᠠᠭᠠᠮᠠᠭᠠᠢ ᠪᠤᠯᠳᠠᠭ᠃ ᠡᠭᠦᠨ ᠳᠤ ᠴᠢᠭᠯᠡᠭᠦᠯᠦᠨ᠂ | ᠪᠠᠷᠠᠭᠤᠨ ᠦᠵᠦᠮᠦᠴᠢᠨ ᠬᠤᠰᠢᠭᠤᠨ ᠤ ᠨᠢᠭᠡᠳᠦᠭᠡᠷ ᠪᠠᠭ᠎ᠠ ᠰᠣᠷᠭᠠᠭᠤᠯᠢ ᠨᠢ ᠲᠤᠰ ᠮᠣᠷᠢ ᠤᠨᠤᠵᠤ ᠪᠡᠶ᠎ᠡ | ᠴᠢᠭᠢᠷᠠᠭᠵᠢᠭᠤᠯᠬᠤ ᠰᠣᠷᠭᠠᠯᠲᠠ ᠶᠢᠨ ᠴᠡᠭ ᠲᠠᠢ ᠬᠠᠮᠲᠤᠷᠠᠨ ᠪᠡᠶ᠎ᠡ ᠰᠡᠳᠭᠢᠴᠡ ᠶᠢᠨ ᠵᠢᠯᠤᠭᠤᠳᠤᠮᠵᠢ ᠶᠢᠨ ᠬᠢᠴᠢᠶᠡᠯᠯᠡᠭᠡ | ᠬᠢᠵᠦ᠂ ᠬᠡᠣᠬᠡᠳ ᠪᠠᠭᠠᠴᠣᠳ ᠢ ᠮᠣᠷᠢ ᠤᠨᠤᠭᠤᠯᠵᠤ᠂ ᠪᠠᠶᠢᠭᠠᠯᠢ ᠠᠬᠤᠢ ᠲᠠᠢ ᠣᠶᠢᠷᠠᠳᠣᠭᠤᠯᠵᠣ᠂ ᠪᠡᠶ᠎ᠡ ᠰᠡᠳᠬᠢᠴᠡ ᠶᠢᠨ | ᠪᠣᠯᠪᠠᠰᠤᠷᠠᠯ ᠬᠦᠷᠲᠡᠭᠡᠨ᠂ ᠦᠨᠳᠦᠰᠦᠲᠡᠨ ᠤ ᠥᠪ ᠰᠣᠶᠤᠯ ᠢ ᠣᠶᠢᠯᠠᠭᠠᠭᠤᠯᠤᠨ᠂ ᠣᠯᠠᠮᠵᠢᠯᠠᠨ ᠵᠠᠯᠭᠠᠮᠵᠢᠯᠠᠭᠤᠯᠬᠤ ᠶᠢ | ᠵᠣᠷᠢᠵᠤ᠂ ᠨᠡᠯᠢᠶᠡᠳ ᠰᠠᠶᠢᠨ ᠦᠷ᠎ᠡ ᠪᠦᠲᠦᠮᠵᠢ ᠣᠯᠣᠭᠰᠠᠨ ᠪᠠᠶᠢᠨ᠎ᠠ᠃ |