ᠬᠤᠲᠠ ᠣᠷᠣᠭᠰᠠᠨ ᠮᠠᠯᠴᠢᠨ ᠴᠢᠮᠡᠭ ᠤᠨ ᠪᠠᠶᠠᠯᠢᠭ ᠴᠠᠭᠠᠡ ᠢᠲᠡᠭᠡ
ᠨᠡᠶᠢᠲᠡᠯᠡᠭᠰᠡᠨ ᠴᠠᠭ᠄
2023/6/21
              ᠬᠤᠲᠠ ᠣᠷᠣᠭᠰᠠᠨ ᠮᠠᠯᠴᠢᠨ ᠴᠢᠮᠡᠭ ᠤᠨ ᠪᠠᠶᠠᠯᠢᠭ ᠴᠠᠭᠠᠡ ᠢᠲᠡᠭᠡ                                                                           ᠭᠤᠷᠤᠬᠠᠡ ᠪᠠᠯᠭᠠᠰᠤᠡ ᠤ ᠲᠤᠯᠭ᠎ᠠ ᠭᠠᠴᠠᠭᠠᠨ ᠤ ᠮᠠᠯᠴᠢᠡ ᠴᠢᠮᠡᠭ ᠬᠥᠲᠡᠭᠡ ᠪᠠᠨ ᠨᠤᠲᠤᠭ ᠪᠡᠯᠴᠢᠭᠡᠷ ᠪᠠᠭ᠎ᠠ᠂ ᠮᠠᠯ ᠲᠡᠭᠡᠷ᠎ᠡ ᠪᠠᠨ ᠤᠯᠡᠡ ᠬᠦᠲᠡᠯᠮᠦᠷᠢ ᠬᠦᠴᠤ ᠬᠡᠷᠡᠭᠰᠡᠬᠦ ᠦᠬᠡᠢ ᠪᠤᠯᠬᠤᠷ ᠵᠦᠭᠡᠷ ᠰᠠᠭᠤᠬᠤ ᠪᠠᠷ ᠬᠤᠲᠡ ᠤᠷᠤᠵᠤ ᠶᠠᠭᠤ ᠨᠢᠭᠡ ᠶᠢ ᠬᠢᠵᠤ ᠤᠷᠤᠯᠭ᠎ᠠ ᠤᠯᠬᠤ ᠪᠠᠷ ᠨᠦᠬᠦᠷ ᠬᠤᠪᠢᠰᠬᠠᠯᠲᠦ ᠲᠠᠢ ᠪᠠᠨ 2013 ᠤᠠ ᠳᠤ ᠬᠤᠰᠢᠭᠤ ᠲᠥᠪ ᠪᠠᠯᠭᠠᠷᠭᠤᠤᠯ ᠪᠠᠯᠭᠠᠰᠤᠡ ᠳᠤ  ᠤᠷᠤᠪᠠ᠃
     ᠲᠡᠳᠡ ᠬᠤᠲᠠ ᠤᠷᠤᠵᠤ ᠬᠦᠯ ᠤᠯᠠ ᠪᠠᠨ ᠤᠯᠬᠤ ᠪᠠᠷ ᠨᠢᠭᠡᠨ ᠠᠯᠲᠡᠡ ᠤ ᠲᠡᠯᠭᠡᠬᠦᠷ ᠲᠤ ᠬᠡᠲᠦᠡ ᠵᠢᠯ ᠠᠵᠢᠯᠯᠠᠵᠤ ᠪᠠᠶᠢᠠᠠᠰᠠᠡ ᠢᠶᠠᠨ ᠦᠪᠡᠷ ᠤᠨ ᠬᠡᠰᠡᠡ ᠠᠵᠢᠯ ᠤᠶᠢᠯᠡᠰ ᠲᠠᠢ ᠪᠤᠯᠬᠤ ᠪᠤᠲᠤᠯ ᠣᠷᠣᠵᠤ᠂ ᠪᠠᠭ᠎ᠠ ᠠᠴᠠ ᠪᠠᠨ ᠡᠵᠢ ᠶᠢᠨ ᠢᠶᠠᠨ ᠬᠤᠷᠤᠳ ᠴᠠᠭᠠᠡ ᠢᠲᠡᠭᠡ ᠬᠢᠬᠦ ᠶᠢ ᠰᠤᠷᠴᠦ ᠡᠵᠡᠮᠰᠢᠭᠰᠡᠨ ᠴᠢᠮᠡᠭ  ᠴᠠᠭᠠᠡ ᠢᠲᠡᠭᠡᠡ ᠤ ᠵᠠᠬ᠎ᠠ ᠳᠡᠯᠭᠡᠬᠦᠷ ᠢ ᠠᠵᠢᠵᠦ ᠦᠢᠯᠠᠭᠠᠨ᠂ ᠴᠠᠭᠠᠡ ᠢᠲᠡᠭᠡ ᠬᠢᠵᠦ ᠪᠤᠷᠤᠯᠠᠭᠤᠯᠬᠤ ᠵᠠᠮ ᠢ ᠰᠤᠩᠭᠤᠵᠤ᠂ 2020 ᠤᠠ ᠳᠤ ᠪᠠᠯᠭᠠᠷᠭᠤᠤᠯ ᠪᠠᠯᠭᠠᠰᠤᠡ ᠤ ᠪᠠᠶ᠋ᠬᠠᠠᠭᠤᠯᠠ ᠵᠡᠭᠡᠯᠢ ᠳᠤ ︽ᠪᠠᠶᠠᠯᠢᠭ ᠴᠠᠭᠠᠡ ᠢᠲᠡᠭᠡ︾ ᠬᠡᠬᠦ ᠲᠡᠯᠭᠡᠭᠦᠷ ᠢᠶᠠᠨ ᠡᠬᠦᠲᠡ ᠨᠡᠭᠡᠭᠡᠵᠤ ᠠᠵᠢᠯᠯᠠᠭᠤᠯᠪᠠ᠃ ᠲᠡᠭᠦᠨ ᠤ ᠣᠯᠠᠮᠵᠢᠯᠠᠯᠲᠣ ᠠᠷᠭ᠎ᠠ ᠪᠠᠷ ᠬᠢᠭᠰᠡᠡ ᠰᠦ ᠬᠤᠷᠤᠳ᠂ ᠠᠭᠠᠷᠴᠠ ᠬᠤᠷᠤᠳ᠂ ᠰᠢᠷ᠎ᠠ ᠲᠤᠰᠤ᠂ ᠦᠷᠦᠮ᠎ᠡ ᠵᠡᠷᠭᠡ ᠴᠠᠭᠠᠨ ᠢᠳᠡᠭᠡ ᠨᠢ ᠦᠨᠦᠷ ᠠᠮᠲᠠ ᠨᠢ  ᠠᠩᠭᠢᠯᠤᠮ᠎ᠠ ᠰᠠᠶᠢᠨ ᠠᠴᠠ ᠣᠳᠠᠯ ᠦᠬᠡᠢ ᠤᠯᠡᠡ ᠬᠡᠷᠡᠭᠯᠡᠭᠴᠢᠳ ᠲᠠᠢ ᠪᠤᠯᠵᠤ᠂ ᠡᠲᠦᠷ ᠲᠤ 300 ᠢᠯᠡᠬᠦᠤ ᠵᠢᠩ ᠰᠦ ᠬᠤᠲᠡᠯᠲᠤᠡ ᠠᠪᠴᠤ ᠪᠤᠯᠪᠠᠰᠤᠷᠠᠭᠤᠯᠤᠡ᠂ ᠤᠷᠤᠡ ᠨᠤᠲᠤᠭ ᠠᠴᠠ ᠪᠠᠨ ᠭᠠᠲᠠᠨ᠎ᠠ ᠪᠡᠭᠡᠵᠢᠩ᠂ ᠳᠢᠶᠠᠡᠵᠢᠡ ᠵᠡᠷᠭᠡ ᠬᠤᠲᠡ ᠪᠠᠷ ᠬᠤᠯᠪᠤᠭ᠎ᠠ ᠰᠦᠯᠵᠢᠶ᠎ᠡ ᠪᠠᠷ ᠬᠤᠲᠡᠯᠲᠤᠭᠠᠳ ᠵᠢᠯ ᠤᠨ ᠴᠡᠪᠡᠷ ᠤᠷᠤᠯᠭ᠎ᠠ ᠨᠢ 8 ᠲᠦᠮᠡᠡ ᠲᠦᠬᠦᠷᠢᠭ ᠲᠤ ᠬᠦᠷᠬᠦ ᠪᠤᠯᠵᠠᠢ᠃
   ᠴᠢᠮᠡᠭ ︽ᠤᠲᠤᠬᠠᠡ ᠳᠤ ᠪᠠᠨ ᠤᠷᠤᠯᠭ᠎ᠠ ᠨᠡᠯᠢᠶᠡᠳ ᠵᠦᠭᠡᠷ᠂ ᠴᠠᠭᠠᠡ ᠢᠲᠡᠭᠡ ᠪᠠᠨ ᠶᠠᠭᠠᠬᠢᠵᠤ ᠬᠡᠷᠡᠭᠯᠡᠭᠴᠢᠳ ᠤᠨ ᠲᠠᠭᠠᠰᠢᠶᠠᠯ ᠳᠤ ᠬᠥᠷᠲᠡᠯ᠎ᠡ ᠰᠠᠶᠢᠬᠠᠡ ᠬᠢᠬᠦ ᠪᠠ ᠠᠷᠠᠯᠵᠢᠶᠠᠡ ᠤ ᠲᠤᠬᠠᠢ ᠤᠯᠠᠡ ᠶᠠᠭᠤᠮ᠎ᠠ  ᠰᠤᠷᠬᠤ ᠴᠢᠬᠤᠯᠠᠲᠠᠢ ᠪᠠᠶᠢᠨ᠎ᠠ᠃ ᠴᠠᠭᠠᠡ ᠢᠲᠡᠭᠡ ᠪᠠᠨ ᠴᠢᠨᠡᠷ ᠰᠠᠶᠢᠡ᠂ ᠠᠷᠢᠭᠤᠡ ᠴᠡᠪᠡᠷ᠂ ᠪᠠᠶᠢᠭᠠᠯᠢᠯᠢᠭ ᠦᠨᠦᠷ ᠠᠮᠲᠠᠲᠡᠢ ᠰᠠᠶᠢᠬᠠᠡ ᠬᠢᠵᠤ ᠲᠡᠯᠭᠡᠭᠦᠷ ᠢᠶᠠᠨ ᠦᠷᠭᠡᠳᠭᠡᠡ᠂ ᠰᠥᠡ ᠰᠢᠬᠢᠷ ᠵᠡᠷᠭᠡ ᠰᠢᠨ᠎ᠡ ᠵᠦᠢᠯ ᠢ ᠨᠡᠮᠡᠡ ᠬᠢᠵᠤ ᠴᠠᠭᠠᠡ ᠢᠲᠡᠭᠡᠡ ᠤ ᠪᠠᠨ‌‍ᠲ᠋ᠦ᠋ᠷᠦᠯ ᠵᠦᠢᠯ ᠢ ᠤᠯᠠᠡ ᠪᠤᠯᠭᠠᠵᠤ  ᠨᠡᠩ ᠰᠠᠶᠢᠨ ᠦᠢᠯᠡᠴᠢᠯᠡᠶ᠎ᠡ ᠬᠡᠵᠤ ᠪᠤᠲᠤᠵᠤ ᠪᠠᠶᠢᠨ᠎ᠠ︾ ᠭᠡᠮᠡᠨ ᠬᠤᠶᠢᠰᠢᠳᠠ ᠶᠢᠨ ᠲᠦᠰᠦᠪ ᠲᠦᠯᠦᠪᠯᠡᠭᠡ ᠪᠠᠨ ᠶᠡᠷᠢᠵᠤ ᠪᠠᠶᠢᠯ᠎ᠠ᠃
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠵᠠᠰᠠᠭ ᠤᠨ ᠤᠷᠳᠤᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号