ᠣᠶᠣᠳᠠᠨ ᠵᠠᠯᠠᠭᠤ ᠶᠢᠨ ᠬᠦᠳᠡᠭᠡ ᠶᠢᠨ ᠠᠮᠢᠳᠣᠷᠠᠯ
ᠨᠡᠶᠢᠲᠡᠯᠡᠭᠰᠡᠨ ᠴᠠᠭ᠄
2023/6/15
           ᠣᠶᠣᠳᠠᠨ ᠵᠠᠯᠠᠭᠤ ᠶᠢᠨ ᠬᠦᠳᠡᠭᠡ ᠶᠢᠨ ᠠᠮᠢᠳᠣᠷᠠᠯ    ᠬᠦᠳᠡᠭᠡ ᠨᠣᠳᠤᠭ ᠲᠤ ᠮᠠᠯᠴᠢᠨ ᠵᠠᠶᠠᠭ᠎ᠠ ᠲᠦᠰᠢᠵᠣ ᠶᠠᠪᠣᠨ᠎ᠠ ᠭᠡᠳᠡᠭ ᠵᠣᠷᠢᠭ ᠰᠢᠢᠳᠪᠦᠷᠢ ᠶᠢ ᠭᠠᠷᠭᠠᠵᠣ  ᠬᠦᠳᠡᠭᠡ  ᠪᠠᠨ ᠢᠷᠡᠭᠰᠡᠨ ᠮᠥᠩᠬᠡᠵᠠᠶᠠᠭ᠎ᠠ ᠲᠠᠪᠣᠳᠡᠬᠢ ᠵᠢᠯ ᠤᠨ ᠵᠣᠨ ᠢᠶᠠᠨ ᠡᠶᠢᠨᠬᠦ ᠰᠦᠷᠦᠭ ᠤᠨ ᠲᠡᠷᠭᠡᠳᠡ ᠣᠭᠳᠣᠵᠣ ᠶᠠᠪᠣᠨ᠎ᠠ᠃ ᠶᠡᠭᠡ ᠰᠣᠷᠭᠠᠭᠤᠯᠢ ᠶᠢᠨ ᠬᠡᠳᠦᠨ ᠵᠢᠯ ᠳᠤ ᠴᠡᠴᠡᠷᠯᠢᠭ ᠤᠨ ᠪᠠᠭᠰᠢ ᠢᠶᠠᠷ ᠰᠣᠷᠣᠯᠴᠠᠭᠰᠠᠨ  ᠲᠡᠷᠡᠪᠡᠷ ᠲᠡᠭᠦᠰᠦᠭᠡᠳ ᠰᠢᠯᠢᠩᠬᠤᠲᠠ ᠳᠤ ᠪᠠᠭᠰᠢ ᠶᠢᠨ ᠠᠵᠢᠯ ᠤᠨ ᠪᠠᠶᠢᠷᠢᠨ ᠳᠤ ᠭᠠᠷᠣᠭᠰᠠᠨ ᠪᠣᠯᠪᠠᠴᠣ ᠬᠦᠳᠡᠭᠡ ᠪᠠᠨ᠂ ᠮᠠᠯ ᠣᠷᠣᠭᠤ ᠪᠠᠨ ᠭᠡᠳᠡᠭ  ᠬᠦᠰᠡᠯ ᠲᠡᠮᠡᠦᠯᠡᠯ ᠨᠢ ᠲᠡᠭᠦᠨ ᠢ ᠮᠠᠯᠴᠢᠨ ᠪᠣᠯᠬᠤ  ᠵᠠᠮ ᠳᠤ ᠬᠦᠳᠦᠯᠵᠦ᠂ ᠬᠢᠬᠦ ᠰᠣᠷᠬᠤ ᠵᠦᠢᠯ ᠣᠯᠠᠨ ᠲᠠᠢ ᠶᠠᠭᠠᠷᠠᠨ᠎ᠠ᠃
     ᠮᠥᠩᠭᠡᠵᠠᠶᠠᠭ᠎ᠠ ᠬᠦᠳᠡᠭᠡ ᠨᠣᠳᠤᠭ ᠲᠤ ᠦᠰᠴᠦ ᠲᠣᠷᠨᠢᠭᠰᠠᠨ ᠬᠡᠦᠭᠡᠳ ᠤᠨ ᠬᠤᠪᠢ ᠳᠤ ᠠᠳᠣᠭᠤ ᠮᠠᠯ ᠳᠤ ᠶᠠᠭᠤᠨ  ᠠᠴᠠ ᠴᠦ ᠢᠯᠡᠬᠦᠦ ᠰᠣᠨᠢᠷᠬᠠᠯ ᠲᠠᠢ ᠨᠢᠭᠡᠨ᠂ ᠨᠣᠳᠤᠭ ᠣᠰᠣ ᠨᠢ ᠬᠦᠷᠦᠯᠴᠡᠭᠡ ᠲᠠᠢ ᠪᠠᠶᠢᠭ᠎ᠠ ᠨᠦᠬᠦᠴᠡᠯ ᠳᠤ ᠨᠣᠳᠤᠭ ᠤᠨ ᠡᠭᠦᠯᠳᠡᠷ ᠤᠨ ᠠᠳᠣᠭᠤ ᠪᠠᠨ ᠣᠳᠣᠮ ᠣᠭᠰᠢᠯ ᠢ ᠨᠢ ᠬᠠᠮᠠᠭᠠᠯᠠᠨ ᠦᠰᠭᠡᠬᠦ ᠭᠡᠳᠡᠭ ᠨᠢ ᠲᠡᠭᠦᠨ ᠤ ᠵᠣᠷᠢᠵᠣ ᠶᠠᠪᠣᠳᠠᠭ᠂ ᠮᠥᠨ ᠴᠦ ᠬᠦᠮᠦᠰ ᠢ ᠲᠠᠶᠢᠴᠢᠯᠠᠬᠤ ᠶᠢ ᠬᠦᠰᠡᠳᠡᠭ ᠵᠦᠢᠯ ᠨᠢ ᠪᠠᠶᠢᠯ᠎ᠠ᠃
      ᠮᠠᠯᠴᠢᠨ ᠬᠦᠮᠦᠨ ᠪᠣᠯᠣᠭᠰᠠᠨ ᠤ ᠬᠤᠪᠢ ᠳᠤ ᠨᠣᠳᠤᠭ ᠣᠰᠣ᠂ ᠪᠠᠶᠢᠭᠠᠯᠢ ᠠᠬᠤᠢ ᠪᠠᠨ ᠬᠠᠮᠠᠭᠠᠯᠠᠬᠤ ᠶᠢ ᠡᠷᠬᠢᠮ ᠭᠡᠵᠦ ᠦᠵᠡᠳᠡᠭ ᠲᠡᠷᠡᠪᠡᠷ ᠣᠷᠴᠢᠮ ᠤᠨ ᠵᠢᠯ ᠬᠤᠨᠢ ᠦᠭᠡᠷ ᠤᠨ ᠢᠶᠠᠨ ᠲᠤᠭ᠎ᠠ ᠲᠣᠯᠣᠭᠠᠢ ᠶᠢ ᠵᠣᠬᠢᠰᠳᠠᠢ ᠲᠣᠬᠢᠷᠠᠭᠤᠯᠣᠨ ᠮᠣᠩᠭᠤᠯ ᠠᠳᠣᠭᠤᠨ ᠤ   ᠪᠠᠨ ᠲᠤᠭ᠎ᠠ ᠲᠣᠯᠣᠭᠠᠢ ᠶᠢ ᠬᠠᠷᠢᠴᠠᠩᠭᠤᠢ ᠨᠡᠮᠡᠭᠳᠡᠬᠦᠯᠦᠨ ᠡᠭᠦᠯᠳᠡᠷ ᠣᠭᠰᠠᠭ᠎ᠠ ᠢ ᠨᠢ ᠬᠠᠮᠠᠭᠠᠯᠠᠬᠤ  ᠳᠤ ᠬᠦᠴᠦ ᠲᠠᠯᠪᠢᠬᠤ ᠠᠵᠢᠯ ᠤᠨ ᠭᠠᠷᠤᠭ᠎ᠠ ᠪᠠᠨ ᠡᠬᠢᠯᠡᠭᠦᠯᠦᠭᠰᠡᠨ ᠪᠠᠶᠢᠨ᠎ᠠ᠃
    ᠮᠥᠩᠭᠡᠵᠠᠶᠠᠭ᠎ᠠ ᠶᠢᠨ ᠬᠡᠷᠭᠡᠢ ᠣᠷᠠᠩᠭᠤᠸ᠎ᠠ ᠪᠠᠭᠰᠢ ᠶᠢᠨ ᠶᠡᠭᠡ ᠰᠣᠷᠭᠠᠭᠤᠯᠢ ᠠᠴᠠ ᠮᠠᠭᠢᠰᠲᠷ ᠢᠶᠠᠨ ᠲᠡᠭᠦᠰᠭᠡᠵᠦ᠂ 2017 ᠣᠨ ᠳᠤ ᠬᠤᠶᠠᠭᠤᠯᠠ ᠪᠠᠨ ᠬᠦᠳᠡᠭᠡ ᠨᠣᠳᠤᠭ ᠲᠤ ᠪᠠᠨ ᠠᠮᠢᠳᠣᠷᠠᠯ ᠢᠶᠠᠨ ᠴᠣᠭᠴᠠᠯᠠᠬᠤ ᠬᠦᠰᠡᠯ ᠨᠢᠭᠡᠳᠠᠢ ᠪᠠᠶᠢᠭᠰᠠᠨ ᠢᠶᠠᠷ ᠮᠠᠯ ᠠᠵᠣ ᠠᠬᠤᠢ ᠲᠡᠭᠡᠷ᠎ᠡ ᠪᠠᠨ ᠢᠷᠡᠵᠦ᠂ ᠬᠤᠶᠠᠷ ᠣᠶᠣᠳᠠᠨ ᠤ ᠮᠠᠯᠵᠢᠬᠤ ᠠᠮᠢᠳᠣᠷᠠᠯ ᠤᠨ ᠣᠯᠠ ᠮᠦᠷ ᠲᠡᠶᠢᠨᠬᠦ ᠡᠬᠢᠯᠡᠵᠦ᠂ ᠡᠳᠦᠭᠡ ᠲᠠᠪᠣᠳᠡᠬᠢ ᠵᠢᠯ ᠢᠶᠠᠨ ᠢᠳᠡᠭᠡᠯ ᠲᠠᠢ᠂ ᠰᠣᠷᠴᠣ ᠴᠠᠭᠠᠷᠠᠬᠤ ᠵᠦᠢᠯ ᠣᠯᠠᠨ ᠲᠠᠢ ᠶᠠᠪᠣᠨ᠎ᠠ᠃
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠵᠠᠰᠠᠭ ᠤᠨ ᠤᠷᠳᠤᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号