ᠰᠤᠷᠳᠠᠯᠳᠤ ᠬᠢᠭᠡᠳ ᠳᠡᠬᠦᠨ ᠤ ᠮᠤᠩᠭᠤᠯ ᠮᠤᠷᠢ
ᠨᠡᠶᠢᠲᠡᠯᠡᠭᠰᠡᠨ ᠴᠠᠭ᠄
2023/12/18
            ᠰᠤᠷᠳᠠᠯᠳᠤ ᠬᠢᠭᠡᠳ ᠳᠡᠬᠦᠨ ᠤ ᠮᠤᠩᠭᠤᠯ ᠮᠤᠷᠢ                                     ᠴᠤᠤᠳᠠᠢ ᠤᠶᠠᠭᠠᠴᠢ᠂ ᠬᠤᠷᠳᠤᠨ ᠬᠦᠯᠦᠭ ᠳᠠᠯ᠎ᠠ ᠨᠤᠳᠤᠭ ᠲᠤ ᠵᠦᠢᠷᠠᠢ ᠵᠠᠶᠠᠭᠠᠳᠠᠭ ᠨᠢ ᠪᠠᠭ᠋ᠠᠷᠬᠠᠯ ᠪᠤᠶᠤ︕ ᠦᠵᠦᠮᠦᠴᠢᠨ ᠨᠤᠳᠤᠭ ᠤᠨ ᠢᠶᠠᠨ ᠠᠭᠤᠳᠠᠮ ᠳᠠᠯ᠎ᠠ ᠳᠤ ᠬᠤᠷᠳᠤᠨ ᠠᠭᠳᠠ᠂ ᠰᠤᠮᠤᠨ ᠬᠦᠯᠦᠭ ᠢᠶᠠᠷ ᠬᠡᠶᠢᠮᠦᠷᠢ ᠰᠡᠷᠭᠦᠭᠡᠨ᠂ 20 ᠭᠠᠷᠤᠢ ᠵᠢᠯ ᠮᠤᠩᠭᠤᠯ ᠠᠳᠤᠭᠤ ᠲᠠᠢ ᠪᠠᠨ ᠬᠠᠨᠢᠯᠠᠨ᠂  ᠮᠤᠩᠭᠤᠯ ᠠᠳᠤᠭᠤ ᠪᠠᠨ ᠪᠠᠭ᠋ᠠᠷᠬᠠᠵᠤ᠂  ᠮᠤᠩᠭᠤᠯ ᠠᠳᠤᠭᠤ ᠪᠠᠷ ᠢᠶᠠᠨ ᠤᠮᠤᠭᠰᠢᠵᠤ ᠶᠠᠪᠤᠭᠰᠠᠨ ᠨᠢᠭᠡᠨ ᠪᠤᠯ ᠪᠠᠷᠠᠭᠤᠨ ᠦᠵᠦᠮᠦᠴᠢᠨ ᠬᠤᠰᠢᠭᠤᠨ ᠤ ᠤᠯᠠᠭᠠᠠᠬᠠᠭᠠᠯᠭ᠎ᠠ ᠰᠤᠮᠤᠨ ᠤ ᠪᠠᠶᠠᠠᠨᠠᠭᠤᠷ  ᠭᠠᠴᠠᠭ᠎ᠠ ᠪᠠᠷ ᠨᠤᠳᠤᠭᠳᠠᠢ ᠰᠤᠷᠳᠠᠯᠳᠤ ᠪᠤᠯᠤᠨ᠎ᠠ᠃      ᠰᠣᠷᠳᠠᠯᠳᠤ ᠬᠡᠵᠤ ᠪᠠᠭ᠎ᠠ ᠨᠠᠰᠤᠨ ᠠᠴᠠ ᠠᠪᠤ ᠪᠠᠨ ᠳᠠᠭᠠᠵᠤ ᠠᠳᠤᠭᠤᠨ ᠤ ᠪᠡᠯᠴᠢᠭᠡᠷ ᠲᠤ ᠲᠤᠭᠯᠠᠨ ᠠᠷᠭᠤᠮᠠᠭ ᠤᠨ ᠵᠤ ᠳᠤ ᠦᠰᠦᠭᠰᠡᠨ ᠨᠢᠭᠡᠨ᠃ 8 ᠨᠠᠰᠤᠳᠠᠢ ᠠᠴᠠ ᠪᠠᠨ ᠤᠷᠤᠯᠳᠤᠭᠠᠨ ᠮᠤᠷᠢᠳ ᠤᠨ ᠨᠢᠷᠤᠭᠤᠨ ᠳᠤ  ᠪᠦᠬᠡᠰᠢᠵᠤ᠂ ᠠᠷᠪᠠᠨ  ᠬᠡᠳᠦᠳᠠᠢ ᠳᠡᠭᠡᠨ ᠡᠮᠨᠢᠭ ᠰᠤᠷᠭᠠᠵᠤ ᠡᠷ᠎ᠡ ᠴᠢᠳᠠᠯ ᠢᠶᠠᠨ ᠪᠦᠷᠢᠯᠳᠦᠬᠦᠯᠵᠤ ᠶᠠᠪᠤᠭᠰᠠᠨ᠃  ᠲᠡᠷᠡᠪᠡᠷ᠂ ᠮᠤᠷᠢᠳᠠᠨ ᠦᠨᠳᠦᠰᠦᠳᠡᠨ ᠤ ᠤᠳᠤᠮ ᠵᠠᠯᠭᠠᠵᠤ᠂ ᠤᠷᠤᠯᠳᠤᠭᠠᠨ ᠮᠤᠷᠢ ᠤᠨᠤᠨ᠂ ᠬᠤᠷᠳᠤᠨ  ᠮᠤᠷᠢᠳ ᠢ ᠤᠶᠠᠭ᠎ᠠ ᠰᠤᠶᠢᠯᠭᠠᠨ ᠳᠤ ᠳᠠᠰᠬᠠᠵᠤ ᠶᠠᠪᠤᠭᠰᠠᠨ ᠢᠶᠠᠷ ᠤᠳᠤ ᠪᠤᠯᠬᠤ ᠳᠤ ᠬᠤᠷᠳᠤᠨ ᠬᠦᠯᠦᠭ ᠢ ᠰᠢᠨᠵᠢᠨ ᠳᠠᠨᠢᠳᠠᠭ ᠬᠠᠰᠢᠷ ᠤᠶᠠᠭᠠᠴᠢ ᠶᠢᠨ ᠨᠢᠭᠡᠨ ᠪᠤᠯᠤᠭᠰᠠᠨ ᠪᠠᠶᠢᠯ᠎ᠠ᠃ ᠰᠤᠷᠳᠠᠯᠳᠤ 20 ᠭᠠᠷᠤᠢ ᠵᠢᠯ ᠤᠨ ᠲᠤᠷᠰᠢ᠂ ᠮᠤᠩᠭᠤᠯ ᠠᠳᠤᠭᠤ ᠪᠠᠨ ᠤᠶᠠᠵᠤ ᠰᠤᠶᠢᠵᠤ ᠬᠤᠷᠳᠤᠯᠠᠭᠤᠯᠤᠨ᠂  ᠡᠷ᠎ᠡ ᠶᠢᠨ ᠤᠬᠠᠭᠠᠨ᠂ ᠬᠦᠯᠦᠭ ᠤᠨ ᠰᠢᠨᠳᠠᠰᠤ ᠶᠢ ᠰᠢᠯᠭᠠᠵᠤ ᠶᠠᠪᠤᠭᠰᠠᠨ ᠢᠶᠠᠷ ᠴᠢᠨ᠋ᠸ᠎ᠠ ᠰᠡᠷᠡᠯ  ᠂  ᠬᠠᠷ᠎ᠠ ᠰᠡᠷᠡᠯ  ᠵᠡᠷᠭᠡ  ᠤᠯᠠᠨ  ᠰᠠᠶᠢᠬᠠᠨ ᠬᠤᠷᠳᠤᠨ ᠬᠦᠯᠦᠭ ᠤᠳ  ᠨᠢ ᠦᠵᠦᠬᠦᠷ ᠮᠠᠩᠯᠠᠢ   ᠳᠤ ᠳᠤᠳᠤᠷᠠᠨ᠂  ᠦᠵᠡᠭᠰᠡᠨ ᠪᠤᠯᠭᠠᠨ ᠤ ᠰᠡᠳᠬᠢᠯ ᠢ  ᠲᠤᠭᠳᠤᠯᠤᠭᠤᠯᠵᠤ ᠶᠠᠪᠤᠭᠰᠠᠨ ᠤᠳᠠᠭ᠎ᠠ ᠲᠠᠢ᠃   ᠰᠤᠷᠳᠠᠯᠳᠤ ᠬᠢᠬᠡᠳ ᠳᠡᠬᠦᠨ ᠤ ᠴᠢᠨ᠋ᠸ᠎ᠠ ᠰᠡᠷᠡᠯ      ᠤᠶᠠᠭᠠᠴᠢ ᠭᠡᠳᠡᠭ  ᠨᠡᠷ᠎ᠡ ᠠᠳᠤᠭᠤ ᠲᠠᠢ ᠪᠦᠬᠦᠨ ᠳᠤ ᠪᠠᠶᠢᠳᠠᠭ ᠠᠯᠳᠠᠷ ᠪᠢᠰᠢ᠃ ᠰᠤᠷᠳᠠᠯᠳᠤ ᠶᠢᠨ ᠬᠤᠪᠢ  ᠳᠤ ᠬᠤᠷᠳᠤᠨ ᠮᠤᠷᠢ ᠶᠢ ᠰᠢᠨᠵᠢᠨ ᠳᠠᠨᠢᠳᠠᠭ ᠬᠢᠷᠠᠬᠠᠢ ᠤᠶᠠᠭᠠᠴᠢ ᠬᠡᠵᠤ ᠦᠯᠦᠬᠡᠢ ᠨᠤᠳᠤᠭ ᠤᠨ ᠢᠶᠠᠨ ᠡᠯᠢᠭᠡᠨ  ᠠᠴᠠ  ᠳᠠᠨᠢᠭᠳᠠᠵᠤ  ᠴᠢᠳᠠᠭᠰᠠᠨ ᠨᠢ ᠳᠡᠬᠦᠨ ᠤ ᠬᠠᠶᠢᠷᠠᠳᠠᠢ ᠮᠤᠷᠢ ᠴᠢᠨ᠋ᠸ᠎ᠠ ᠰᠡᠷᠡᠯ ᠲᠠᠢ ᠨᠢ ᠰᠠᠯᠤᠰᠢ ᠦᠬᠡᠢ ᠬᠠᠷᠢᠴᠠᠭ᠎ᠠ ᠲᠠᠢ ᠶᠤᠮ᠃  ᠬᠠᠶᠢᠷᠠᠳᠠᠢ  ᠮᠤᠷᠢ   ᠪᠠᠨ ᠬᠤᠰᠢᠭᠤ ᠨᠤᠳᠤᠭ ᠤᠨ ᠢᠶᠠᠨ ᠤᠯᠠᠨ  ᠨᠠᠶᠢᠷ ᠨᠠᠭᠠᠳᠤᠮ   ᠢᠶᠠᠷ ᠬᠤᠷᠳᠤᠯᠠᠭᠤᠯᠵᠤ  ᠂  ᠪᠠᠷᠢᠶᠠᠨ ᠤ ᠭᠠᠵᠠᠷ  ᠲᠦᠬᠦᠬᠦ ᠦᠶ᠎ᠡ   ᠳᠤ ᠬᠤᠯᠠ ᠳᠠᠰᠤᠷᠬᠠᠢ ᠳᠡᠷᠢᠬᠦᠯᠡᠵᠤ ᠶᠠᠪᠤᠭᠰᠠᠨ  ᠢ ᠨᠢ ᠬᠠᠷᠠᠭᠠᠳ ᠰᠡᠳᠬᠢᠯ ᠲᠤᠭᠳᠤᠯᠵᠤ ᠶᠠᠪᠤᠭᠰᠠᠨ ᠤᠳᠠᠭ᠎ᠠ ᠲᠠᠢ᠃ ᠤᠶᠠᠭᠰᠠᠨ ᠡᠵᠡᠨ ᠤ ᠪᠠᠨ ᠰᠡᠳᠬᠢᠯ   ᠳᠤ ︽ᠠᠮᠢᠨ ᠡᠷᠳᠡᠨᠢ︾ ᠪᠤᠯᠤᠭᠰᠠᠨ ᠡᠨᠡ ᠮᠤᠷᠢ   ᠨᠢ ᠦᠩᠭᠡᠷᠡᠭᠰᠡᠨ ᠳᠤ ᠶᠡᠭᠡ ᠪᠠᠭ᠎ᠠ ᠤᠯᠠᠨ  ᠨᠠᠶᠢᠷ ᠢᠶᠠᠷ ᠪᠠᠷᠤᠭ 80 ᠤᠳᠠᠭ᠎ᠠ ᠠᠶᠢᠷᠠᠭᠳᠠᠵᠤ ᠪᠠᠶᠢᠭᠰᠠᠨ ᠪᠦᠬᠡᠳ  ᠵᠦᠪᠬᠡᠨ 2015 ᠤᠨ ᠤ ᠨᠢᠭᠡ ᠵᠢᠯ ᠳᠤ 8 ᠣᠳᠠᠭ᠎ᠠ  ᠳᠡᠷᠢᠬᠦᠯᠡᠭᠰᠡᠨ  ᠠᠮᠵᠢᠯᠳᠠ  ᠲᠤᠷᠠᠰᠤᠮᠵᠢ ᠲᠠᠢ  ᠃  ᠡᠨᠡ ᠨᠢ ᠮᠦᠨᠴᠤ ᠰᠤᠷᠳᠠᠯᠳᠤ ᠶᠢᠨ ᠮᠤᠩᠭᠤᠯ ᠠᠳᠤᠭᠤ ᠪᠠᠨ ᠰᠤᠶᠢᠵᠤ ᠬᠤᠷᠳᠤᠯᠠᠭᠤᠯᠬᠤ ᠳᠤ ᠢᠳᠡᠭᠡᠯ ᠵᠤᠷᠢᠭ ᠢ ᠨᠢ  ᠬᠦᠪᠴᠢᠯᠡᠭᠰᠡᠨ ᠮᠦᠷᠳᠡᠭᠡᠨ ᠬᠠᠮᠤᠭ ᠰᠠᠶᠢᠨ ᠠᠵᠢᠨᠠᠢ ᠨᠢ ᠪᠤᠯᠵᠤ᠂  ᠬᠡᠨ ᠲᠠᠢ ᠴᠤ ᠵᠤᠭᠤᠭ ᠶᠠᠷᠢᠬᠤ ᠳᠠᠭᠠᠨ ᠲᠤᠷᠠᠰᠴᠤ ᠶᠠᠷᠢᠳᠠᠭ ᠬᠠᠶᠢᠷᠠᠳᠠᠢ ᠬᠦᠯᠦᠭ ᠨᠢ ᠪᠤᠯᠤᠭᠰᠠᠨ ᠪᠠᠶᠢᠯ᠎ᠠ᠃  ᠠᠳᠤᠭᠤᠴᠢᠨ ᠵᠠᠶᠠᠭ᠎ᠠ ᠪᠠᠨ ᠲᠦᠰᠢᠵᠤ ᠶᠠᠪᠤᠭᠰᠠᠨ ᠰᠤᠷᠳᠠᠯᠳᠤ ᠭᠤᠸᠠᠢ ᠤᠶᠠᠭᠰᠠᠨ ᠡᠵᠡᠨ᠂  ᠤᠨᠤᠭᠰᠠᠨ ᠬᠦᠮᠦᠨ᠂  ᠤᠷᠮ᠎ᠠ ᠬᠠᠶᠢᠷᠠᠯᠭᠰᠠᠨ ᠨᠤᠳᠤᠭ ᠤᠰᠤᠨ ᠤ ᠬᠦᠮᠦᠨ ᠠᠷᠠᠳ ᠢ ᠪᠠᠶᠠᠷᠯᠠᠭᠤᠯᠤᠨ ᠲᠤᠭᠳᠤᠯᠤᠭᠤᠯᠤᠭᠰᠠᠨ ᠮᠤᠩᠭᠤᠯ ᠮᠤᠷᠢᠨ ᠤ ᠰᠠᠶᠢᠬᠠᠨ ᠴᠢᠮᠡᠭᠡ᠂  ᠮᠤᠩᠭᠤᠯ ᠮᠤᠷᠢᠨ ᠤ ᠵᠤᠷᠢᠭ ᠰᠠᠨᠠᠭ᠎ᠠ ᠶᠢ  ᠳᠠᠯ᠎ᠠ ᠨᠤᠳᠤᠭ ᠲᠤ ᠡᠶᠢᠨᠬᠦ ᠳᠠᠭᠤᠷᠢᠰᠬᠠᠵᠤ ᠶᠠᠪᠤᠵᠠᠢ᠃  ᠤᠳᠤ ᠪᠤᠯᠬᠤ ᠳᠤ᠂  ︽ᠴᠢᠨ᠋ᠸ᠎ᠠ ᠰᠡᠷᠡᠯ︾ ᠨᠢ 23 ᠨᠠᠰᠤ ᠬᠦᠷᠴᠤ᠂  ᠠᠳᠤᠭᠤᠴᠢᠨ ᠡᠵᠡᠨ ᠤ ᠪᠠᠨ ᠰᠡᠳᠬᠢᠯ ᠤᠨ ᠲᠦᠰᠢᠭ ᠪᠤᠯᠵᠤ ᠤᠶᠠᠭᠠᠨ ᠳᠡᠭᠡᠷ᠎ᠡ ᠨᠢ ᠦᠦᠷᠰᠡᠨ᠎ᠡ᠃  ᠡᠵᠡᠨ ᠨᠢ ᠪᠠᠶᠢᠪᠠᠯ ᠮᠤᠷᠢ ᠮᠢᠨᠢ ᠪᠠᠶᠢᠨ᠎ᠠ᠃  ᠡᠨᠡ ᠪᠤᠯ ᠳᠡᠬᠦᠨ ᠤ ᠴᠡᠭᠡᠵᠢᠨ ᠳᠤ ᠰᠢᠩᠭᠡᠭᠰᠡᠨ ᠬᠠᠯᠠᠭᠤᠨ ᠬᠠᠶᠢᠷ᠎ᠠ᠂  ᠮᠤᠷᠢ ᠪᠠᠨ ᠠᠮᠢ ᠠᠴᠠ ᠪᠠᠨ ᠢᠯᠡᠬᠦᠦ ᠨᠠᠨᠳᠢᠩᠨᠠᠳᠠᠭ ᠮᠠᠯᠴᠢᠨ ᠤᠶᠠᠭᠠᠴᠢ   ᠶᠢᠨ ᠪᠤᠳᠤᠯ᠃  ᠮᠠᠯᠴᠢᠨ ᠬᠦᠮᠦᠨ ᠮᠤᠩᠭᠤᠯ ᠮᠤᠷᠢ ᠬᠤᠶᠠᠷ ᠤᠨ ᠦᠯᠢᠭᠡᠷ  ᠢᠩᠬᠢᠵᠤ ᠯᠡ ᠡᠭᠦᠰᠳᠡᠭ ᠪᠠᠶᠢᠵᠠᠢ᠃        ᠮᠤᠷᠢ ᠭᠡᠳᠡᠭ ᠠᠮᠢᠳᠠᠨ  ᠢᠳᠡᠭᠡᠰᠢᠯᠡᠳᠡᠭ ᠪᠡᠯᠴᠢᠭᠡᠷ᠂ ᠤᠮᠳᠠᠯᠠᠳᠠᠭ ᠤᠰᠤ᠂  ᠠᠮᠢᠰᠬᠤᠯᠠᠳᠠᠭ ᠠᠭᠠᠷ᠂ ᠬᠠᠨᠢᠰᠳᠠᠭ ᠡᠵᠡᠨ ᠢᠶᠠᠨ ᠬᠡᠵᠢᠶᠠᠳᠡ ᠮᠠᠷᠳᠠᠳᠠᠭ ᠦᠬᠡᠢ ᠴᠡᠭᠡᠵᠢ ᠰᠠᠶᠢᠳᠠᠢ ᠠᠮᠢᠳᠠᠨ — ᠡᠨᠡ ᠪᠤᠯ ᠰᠤᠷᠳᠠᠯᠳᠤ ᠶᠢᠨ ᠰᠡᠳᠬᠢᠯ ᠳᠠᠬᠢ ᠮᠤᠩᠭᠤᠯ ᠮᠤᠷᠢ᠃  ᠮᠤᠩᠭᠤᠯ ᠮᠤᠷᠢ ᠨᠢ ᠮᠠᠯᠵᠢᠬᠤ ᠦᠢᠯᠡᠳᠪᠦᠷᠢᠯᠠᠯ ᠠᠮᠢᠳᠤᠷᠠᠯ ᠳᠤ ᠴᠢᠬᠤᠯᠠ ᠦᠢᠯᠡᠳᠦᠯ ᠬᠡᠷᠡᠭᠴᠡᠭᠡ ᠪᠠᠨ ᠦᠵᠡᠬᠦᠯᠵᠤ ᠢᠷᠡᠭᠰᠡᠨ ᠭᠡᠳᠡᠭ ᠢ ᠲᠤᠩᠭᠠᠵᠤ ᠶᠠᠪᠤᠭᠰᠠᠨ ᠰᠤᠷᠳᠠᠯᠳᠤ ᠦᠷ ᠤᠨ ᠬᠡᠬᠡ  ᠠᠴᠠ ᠦᠳᠡᠰᠢ ᠶᠢᠨ ᠪᠦᠷᠦᠢ ᠪᠤᠯᠳᠠᠯ᠎ᠠ  ᠠᠳᠤᠭᠤ ᠮᠠᠯ ᠲᠠᠢ ᠪᠠᠨ ᠨᠤᠴᠤᠯᠳᠤᠨ᠂ ᠮᠤᠩᠭᠤᠯ ᠮᠤᠷᠢᠨ   ᠤ ᠳᠡᠰᠪᠦᠷᠢ ᠬᠠᠳᠠᠭᠤᠵᠢᠯᠳᠠᠢ᠂  ᠳᠠᠭᠠᠭᠠᠴᠠ ᠲᠠᠢ᠂   ᠨᠤᠳᠤᠭ ᠲᠠᠭᠠᠨ ᠡᠭᠡᠨᠡᠭᠰᠢᠭ᠂ ᠰᠦᠷᠦᠭ ᠲᠡᠭᠡᠨ ᠢᠵᠢᠯᠰᠢᠭ᠂  ᠡᠵᠡᠨ  ᠳᠡᠭᠡᠨ ᠡᠭᠡᠯᠢᠰᠡᠭ ᠪᠠᠶᠢᠭᠠᠯᠢ ᠠᠷᠠᠨᠰᠢᠨ ᠢ ᠴᠤ ᠰᠠᠶᠢᠨ ᠤᠶᠢᠯᠠᠭᠠᠵᠤ  ᠶᠠᠪᠤᠳᠠᠭ ᠠᠴᠠ ᠠᠷᠠᠴᠢᠯᠠᠭ᠎ᠠ ᠳᠤᠳᠤᠮᠳᠤᠯᠭ᠎ᠠ  ᠂ ᠮᠤᠷᠢᠨ ᠤ ᠵᠢᠭᠠᠨ ᠰᠤᠷᠭᠠᠯᠳᠠ ᠶᠢᠨ  ᠳᠠᠯ᠎ᠠ ᠪᠠᠷ ᠴᠤ ᠦᠪᠡᠷ ᠤᠨ ︽ᠬᠦᠨ ᠤᠬᠠᠭᠠᠨ ᠤ ᠶᠤᠰᠤ︾ ᠲᠠᠢ ᠪᠠᠶᠢᠯ᠎ᠠ᠃ ᠰᠤᠷᠳᠠᠯᠳᠤ ᠶᠢᠨ ᠬᠤᠪᠢ  ᠳᠤ ᠠᠳᠤᠭᠤ ᠮᠠᠯ ᠤᠨ ᠢᠶᠠᠨ ᠳᠠᠷᠭᠤ ᠬᠦᠴᠦ ᠶᠢ ᠪᠠᠳᠤᠯᠠᠬᠤ ᠶᠢᠨ ᠵᠡᠷᠭᠡᠪᠡᠷ ᠤᠨᠤᠯᠭ᠎ᠠ ᠡᠳ᠋ᠯᠡᠭᠡ ᠶᠢ ᠠᠩᠬᠠᠷᠴᠤ ᠶᠠᠪᠤᠳᠠᠭ ᠪᠦᠭᠡᠳ ᠮᠤᠩᠭᠤᠯ ᠮᠤᠷᠢ   ᠪᠠᠨ ᠠᠮᠢᠳᠤᠷᠠᠯ ᠤᠨ ᠬᠠᠨᠢ ᠰᠡᠳᠬᠢᠯ ᠤᠨ ᠲᠦᠰᠢᠭ ᠪᠤᠯᠭᠠᠵᠤ᠂  ᠡᠨᠡ ᠵᠢᠯ ᠠᠮᠢᠳᠤᠷᠠᠯ   ᠤᠨ ᠠᠶᠠᠨ ᠤ ᠪᠠᠨ 51 ᠬᠠᠪᠤᠷ ᠨᠠᠮᠤᠷ ᠢ ᠤᠭᠳᠤᠨ ᠶᠠᠪᠤᠭ᠎ᠠ ᠳᠡᠷᠡᠪᠡᠷ ᠪᠦᠬᠦ ᠠᠷᠠᠳ ᠤᠨ ᠪᠡᠶ᠎ᠡ ᠴᠢᠬᠢᠷᠠᠭᠵᠢᠭᠤᠯᠬᠤ ᠠᠵᠢᠯ ᠳᠤ  ᠭᠠᠪᠰᠢᠭᠠᠶᠢᠯᠠᠵᠤ᠂  ᠤᠷᠴᠢᠮ   ᠤᠨ ᠵᠢᠯ ᠠᠴᠠ ᠪᠠᠷᠠᠭᠤᠨ ᠦᠵᠦᠮᠦᠴᠢᠨ ᠬᠤᠰᠢᠭᠤᠨ ᠤ ᠴᠠᠭᠠᠨ ᠠᠳᠤᠭᠤᠨ ᠤ ᠰᠤᠶᠤᠯ ᠤᠨ ᠬᠦᠷᠢᠶᠡᠯᠡᠩ ᠳᠤ ᠮᠤᠷᠢᠨ ᠤ  ᠵᠢᠭᠠᠨ ᠰᠤᠷᠭᠠᠯᠳᠠ  ᠶᠢᠨ ᠠᠵᠢᠯ ᠳᠤ ᠮᠤᠩᠭᠠᠨᠢᠵᠤ᠂  ᠭᠠᠷᠠᠭ ᠤᠨ ᠰᠡᠬᠦᠯᠴᠢ  ᠂ ᠡᠪᠦᠯ ᠵᠤᠨ ᠤ ᠠᠮᠠᠷᠠᠯᠳᠠ ᠵᠡᠷᠭᠡ ᠰᠤᠯᠠ ᠰᠡᠯᠡᠬᠦᠦ ᠴᠠᠭ   ᠢᠶᠠᠷ  ᠬᠦᠮᠦᠰ ᠲᠤ ᠮᠤᠷᠢ ᠤᠨᠤᠬᠤ ᠪᠤᠯᠪᠠᠰᠤᠷᠠᠯ  ᠬᠦᠷᠳᠡᠭᠡᠵᠤ᠂ ᠠᠳᠤᠭᠤᠨ ᠰᠤᠶᠤᠯ   ᠢᠶᠠᠨ ᠤᠯᠠᠮᠵᠢᠯᠠᠨ  ᠬᠥᠭᠵᠢᠭᠦᠯᠬᠦ ᠦᠢᠯᠡᠰ ᠲᠤ ᠬᠦᠴᠦᠨ ᠨᠡᠮᠡᠷᠢᠯᠡᠭᠰᠡᠭᠡᠷ  ᠂᠂᠂᠂  
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ‍ ᠤ ᠵᠠᠰᠠᠭ ᠤᠨ ᠤᠷᠳᠤᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号