ᠬᠠᠰᠢᠷ ᠤᠶᠠᠭᠠᠴᠢ ᠶᠢᠨ 20 ᠨᠠᠰᠤᠳᠠᠢ ᠬᠤᠷᠳᠤᠨ ᠬᠦᠯᠦᠭ
ᠨᠡᠶᠢᠲᠡᠯᠡᠭᠰᠡᠨ ᠴᠠᠭ᠄
2023/10/27
                ᠬᠠᠰᠢᠷ ᠤᠶᠠᠭᠠᠴᠢ ᠶᠢᠨ 20 ᠨᠠᠰᠤᠳᠠᠢ ᠬᠤᠷᠳᠤᠨ ᠬᠦᠯᠦᠭ                                                                                                         ᠪᠠᠷᠠᠭᠤᠨ ᠦᠵᠦᠮᠦᠴᠢᠨ ᠬᠤᠰᠢᠭᠤᠨ ᠤ ᠵᠢᠷ ᠤᠨ ᠭᠤᠤᠯ ᠪᠠᠯᠭᠠᠰᠤᠨ ᠤ ᠪᠠᠶᠠᠠᠬᠤᠩᠭᠤᠷ  ᠭᠠᠴᠠᠭ᠎ᠠ ᠪᠠᠷ ᠨᠤᠳᠤᠭᠲᠠᠢ ᠬᠠᠰᠢᠷ ᠤᠶᠠᠭᠠᠴᠢ ᠭᠡᠷᠡᠯᠳᠤᠶᠠᠭ᠎ᠠ ᠶᠢᠨ ᠬᠤᠷᠢᠨ ᠨᠠᠰᠤᠲᠠᠢ ᠰᠢᠷᠭ᠎ᠠ ᠮᠤᠷᠢ ᠨᠢ ᠤᠷᠤᠯᠳᠤᠭᠠᠨ ᠳᠤ ᠲᠠᠪᠬᠢᠭᠰᠠᠭᠠᠷ ᠪᠠᠶᠢᠬᠤ ᠰᠠᠶᠢᠬᠠᠨ ᠰᠤᠷᠠᠭ ᠢᠶᠠᠷ ᠮᠠᠨ ᠤ ᠪᠠᠭ ᠤᠨ   ᠬᠢᠨ ᠰᠤᠷᠪᠤᠯᠵᠢᠯᠠᠬᠤ ᠪᠠᠷ ᠬᠦᠷᠦᠭᠰᠡᠨ ᠨᠢ ᠡᠨᠡ ᠪᠢᠯᠡ᠃
   ᠤᠶᠠᠭᠠᠴᠢ ᠡᠵᠡᠨ ᠬᠤᠷᠳᠤᠨ ᠬᠦᠯᠦᠭ ᠤᠨ ᠡᠭᠡᠨᠡᠭᠰᠢᠨ ᠲᠠᠰᠤᠭᠰᠠᠨ ᠬᠦᠨ ᠵᠤᠵᠠᠭᠠᠨ ᠨᠠᠶᠢᠷ ᠰᠡᠳᠬᠢᠯᠭᠡ ᠶᠢ ᠮᠤᠷᠢᠨ ᠳᠤ ᠭᠤᠷᠢᠮ ᠲᠠᠢ ᠬᠦᠮᠦᠰ ᠶᠠᠭᠤᠨ ᠠᠨᠳᠠᠬᠤ ᠠᠵᠠᠢ᠃    ᠡᠶᠢᠨᠬᠦ 20 ᠨᠠᠰᠤᠳᠠᠢ ᠰᠢᠷᠭ᠎ᠠ ᠮᠤᠷᠢ ᠶᠢ ᠪᠠᠨ ᠠᠯᠢ ᠠᠯᠢᠨ ᠠᠴᠠ ᠴᠦ ᠢᠯᠡᠬᠦᠦ ᠬᠠᠶᠢᠷᠠᠯᠠᠵᠤ  ᠮᠠᠩᠨᠠᠢ ᠶᠢ ᠨᠢ ᠢᠯᠪᠢᠨ ᠵᠤᠭᠰᠤᠭ᠎ᠠ ᠤᠶᠠᠭᠠᠴᠢ ᠭᠡᠷᠡᠯᠳᠤᠶᠠᠭ᠎ᠠ ᠮᠠᠨ ᠤ ᠪᠠᠭ ᠤᠨ ᠬᠢᠨ ᠳᠤ ᠰᠢᠷᠭ᠎ᠠ ᠮᠤᠷᠢᠨ ᠤ ᠪᠠᠨ ᠦᠯᠢᠭᠡᠷ ᠤᠴᠠᠷᠠᠯ ᠢ ᠨᠢᠭᠡᠳ ᠨᠢᠭᠡ ᠪᠠᠷ ᠤᠴᠢᠷᠯᠠᠨ ᠶᠠᠷᠢᠵᠦ᠂ ᠪᠠᠶᠢᠨ ᠲᠠᠬᠢᠨ ᠬᠠᠶᠢᠷᠠᠲᠠᠢ ᠮᠤᠷᠢ ᠶᠢ ᠪᠠᠨ ᠦᠭᠦᠭᠡᠷᠳᠦᠨ ᠢᠯᠪᠢᠬᠦ ᠳᠤ ᠰᠢᠷᠭ᠎ᠠ ᠮᠤᠷᠢ ᠨᠢ ᠴᠦ ᠡᠵᠡᠨ ᠢᠶᠠᠨ ᠨᠠᠯᠠᠨ ᠡᠷᠬᠡᠯᠡᠨ᠎ᠡ᠃   ᠬᠡᠷᠡᠯᠳᠤᠶᠠᠭ᠎ᠠ ᠬᠦᠯᠦᠭ ᠤᠨ ᠬᠤᠷᠳᠤᠨ ᠢ ᠰᠢᠨᠵᠢᠨ ᠲᠠᠨᠢᠵᠤ᠂ ᠤᠶᠠᠭ᠎ᠠ ᠰᠤᠶᠢᠯᠠᠭ᠎ᠠ ᠶᠢ ᠨᠢ ᠲᠠᠭᠠᠷᠠᠭᠤᠯᠵᠤ ᠤᠷᠤᠯᠳᠤᠭᠠᠨ ᠮᠦᠷᠦᠶᠢᠴᠡᠭᠡᠨ ᠳᠤ ᠤᠳᠤ ᠬᠡᠶᠢᠮᠦᠷᠢ ᠲᠠᠢ ᠲᠠᠪᠬᠢᠭᠤᠯᠳᠠᠭ  ᠨᠢᠭᠡᠨ  ᠪᠤᠯᠬᠤᠷ 2011 ᠤᠨ ᠳᠤ ᠰᠠᠳᠤᠨ ᠠᠴᠠ ᠪᠠᠨ ᠡᠨᠡ 9 ᠨᠠᠰᠤᠳᠠᠢ ᠰᠢᠷᠭ᠎ᠠ ᠮᠤᠷᠢ ᠪᠠᠨ ᠬᠤᠳᠠᠯᠳᠤᠨ ᠠᠪᠴᠤ᠂ 11 ᠨᠠᠰᠤᠳᠠᠢ ᠠᠴᠠ ᠨᠢ ᠤᠶᠠᠵᠤ ᠰᠤᠶᠢᠭᠠᠳ ᠤᠷᠤᠯᠳᠤᠭᠠᠨ ᠳᠤ  ᠲᠠᠪᠬᠢᠭᠤᠯᠤᠨ᠂ ᠬᠠᠮᠤᠭ ᠰᠠᠶᠢᠨ ᠲᠠᠪᠬᠢᠭᠤᠯᠵᠤ ᠪᠠᠶᠢᠭᠰᠠᠨ ᠦᠶ᠎ᠡ ᠳᠡᠭᠡᠨ 10 ᠡᠲᠦᠷ ᠲᠤ ᠭᠤᠷᠪᠠ ᠤᠳᠠᠭ᠎ᠠ ᠲᠤᠳᠤ ᠮᠠᠩᠨᠠᠢ ᠲᠤᠷᠭᠠᠨ ᠵᠢᠯᠤᠭᠤ ᠡᠷᠬᠦᠵᠦ᠂ ᠠᠶᠢᠷᠠᠭ ᠤᠨ ᠲᠡᠷᠢᠬᠦᠨ ᠳᠤ  ᠬᠤᠷᠳᠤᠯᠠᠨ᠂ ᠤᠯᠠᠨ ᠰᠠᠶᠢᠬᠠᠨ ᠱᠠᠩ ᠭᠡᠰᠢᠭ ᠢᠶᠠᠷ ᠮᠢᠯᠢᠶᠠᠯᠭᠠᠵᠤ᠂ ᠦᠨᠦ ᠵᠢᠯ ᠬᠡᠳᠦᠶᠢᠪᠡᠷ 20 ᠨᠠᠰᠤᠲᠠᠢ ᠪᠤᠯᠤᠭᠰᠠᠨ ᠪᠤᠯᠪᠠᠴᠤ ᠮᠦᠨ ᠯᠡ ᠤᠷᠤᠯᠳᠤᠭᠠᠨ ᠨᠠᠶᠢᠷ ᠢᠶᠠᠷ ᠬᠡᠶᠢᠮᠦᠷᠢ ᠰᠡᠷᠭᠦᠬᠡᠨ ᠤᠳᠤᠳᠠᠢ ᠲᠠᠪᠬᠢᠵᠤ᠂ 7 ᠤᠳᠠᠭ᠎ᠠ ᠨᠠᠶᠢᠷ ᠨᠠᠭᠠᠳᠤᠮ ᠳᠤ ᠬᠤᠷᠳᠤᠯᠠᠨ᠂ ︽ᠭᠠᠶᠢᠬᠠᠮᠰᠢᠭᠲᠤ ᠮᠤᠩᠭᠤᠯ ᠮᠤᠷᠢ︾ ᠵᠢᠷᠭᠤᠳᠤᠭᠠᠷ ᠤᠳᠠᠭᠠᠨ ᠤ ᠠᠯᠤᠰ ᠤᠨ ᠮᠤᠷᠢᠨ ᠤ ᠤᠷᠤᠯᠳᠤᠭᠠᠨ᠂ ︽ᠦᠵᠦᠮᠦᠴᠢᠨ ᠸᠠᠩ ᠤᠨ ᠬᠡᠭᠡᠨ ᠤᠪᠤᠭᠠᠨ︾ ᠤ ᠨᠠᠶᠢᠷ ᠲᠤ ᠲᠤᠰ ᠲᠤᠰ ᠠᠮᠠᠨ ᠬᠦᠵᠦᠭᠦᠳᠡᠵᠦ᠂ ︽ᠠᠭᠲᠠ ᠶᠢᠨ ᠤᠪᠤᠭᠠᠨ ᠲᠠᠬᠢᠯᠭ᠎ᠠ︾ ᠶᠢᠨ ᠨᠠᠶᠢᠷ ᠲᠤ ᠠᠶᠢᠷᠠᠭ ᠤᠨ ᠭᠤᠷᠪᠠ ᠳᠤ ᠬᠤᠷᠳᠤᠯᠠᠨ ᠤᠶᠠᠭᠠᠴᠢ ᠡᠵᠡᠨ ᠢᠶᠠᠨ ᠪᠠᠶᠠᠰᠬᠠᠭᠰᠠᠨ ᠶᠤᠮ᠃
  ᠬᠡᠷᠡᠯᠳᠤᠶᠠᠭ᠎ᠠ ᠶᠢᠨ ᠲᠠᠨᠢᠯᠴᠠᠭᠤᠯᠬᠤ ᠪᠠᠷ᠂ ᠰᠢᠷᠭ᠎ᠠ ᠮᠤᠷᠢ ᠨᠢ ᠤᠷᠢᠳ ᠬᠤᠵᠢᠳ 130 ᠭᠠᠷᠤᠢ ᠶᠡᠭᠡ ᠪᠠᠭ᠎ᠠ ᠨᠠᠶᠢᠷ ᠨᠠᠭᠠᠳᠤᠮ ᠤᠷᠤᠯᠳᠤᠭᠠᠨ ᠲᠡᠮᠡᠴᠡᠭᠡᠨ ᠢᠶᠠᠷ ᠬᠤᠷᠳᠤᠯᠠᠵᠤ᠂ 24 ᠤᠳᠠᠭ᠎ᠠ ᠲᠡᠷᠢᠬᠦᠨ ᠮᠠᠩᠨᠠᠢ ᠳᠤ ᠲᠤᠳᠤᠷᠠᠨ᠂ 27 ᠤᠳᠠᠭ᠎ᠠ ᠠᠮᠠᠨ ᠬᠦᠵᠦᠬᠦᠳᠡᠵᠦ᠂ ᠨᠣᠳᠤᠭ ᠤᠰᠤᠨ ᠤ ᠪᠠᠨ ᠠᠯᠳᠠᠷ ᠢ ᠡᠷᠬᠦᠵᠦ᠂ ᠨᠠᠭᠠᠳᠤᠮᠴᠢ ᠲᠦᠮᠡᠨ  ᠳᠡᠭᠡᠨ ᠲᠠᠨᠢᠭᠳᠠᠨ᠂ ᠨᠤᠳᠤᠭ ᠤᠨ ᠠᠬᠠᠮᠠᠳ ᠠᠴᠠ ᠰᠢᠷᠭ᠎ᠠ ᠮᠤᠷᠢᠨ ᠤ ᠬᠦᠶᠦᠳᠡᠯ ᠪᠠᠶᠢᠳᠠᠯ ᠠᠴᠠ ᠨᠢ 25 ᠨᠠᠰᠤ ᠬᠦᠷᠳᠡᠯ᠎ᠡ ᠲᠠᠪᠬᠢᠭᠤᠯᠬᠤ ᠳᠤ ᠠᠵᠢᠭ ᠦᠭᠡᠢ ᠬᠡᠬᠦ ᠠᠮᠠᠨ ᠢᠷᠦᠭᠡᠯ ᠢᠶᠠᠷ᠂ ᠢᠷᠡᠬᠦ ᠵᠢᠯ ᠰᠢᠷᠭ᠎ᠠ ᠮᠤᠷᠢᠨ ᠤ ᠪᠠᠨ ᠪᠠᠶᠢᠳᠠᠯ ᠢ ᠦᠨᠳᠦᠰᠦᠯᠡᠨ ᠤᠶᠠᠭ᠎ᠠ ᠰᠤᠶᠢᠯᠠᠭ᠎ᠠ ᠬᠢᠬᠦ ᠲᠦᠯᠦᠪᠯᠡᠭᠡ ᠲᠠᠢ ᠰᠠᠭᠤᠨ᠎ᠠ᠃    
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠵᠠᠰᠠᠭ ᠤᠨ ᠤᠷᠳᠤᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号