︽ᠨᠠ᠊  ᠷᠢᠨᠴᠢᠨ ᠬᠤᠨᠳᠠᠭᠠᠲᠣ︾ ᠭᠠᠷ ᠣᠷᠠᠯᠠᠯ ᠤᠨ ᠣᠷᠣᠯᠳᠣᠭᠠᠨ ᠵᠢᠷ ᠤᠨ ᠭᠤᠣᠯ ᠪᠠᠯᠭᠠᠰᠣᠨ ᠤ ᠵᠢᠭᠠᠰᠣᠲᠠᠢ ᠭᠠᠴᠠᠭᠠᠨ ᠳᠤ ᠶᠠᠪᠤᠭᠳᠠᠯ᠎ᠠ
ᠨᠡᠶᠢᠲᠡᠯᠡᠭᠰᠡᠨ ᠴᠠᠭ᠄
2023/8/23
      ︽ᠨᠠ᠊  ᠷᠢᠨᠴᠢᠨ ᠬᠤᠨᠳᠠᠭᠠᠲᠣ︾ ᠭᠠᠷ ᠣᠷᠠᠯᠠᠯ ᠤᠨ ᠣᠷᠣᠯᠳᠣᠭᠠᠨ ᠵᠢᠷ ᠤᠨ ᠭᠤᠣᠯ ᠪᠠᠯᠭᠠᠰᠣᠨ ᠤ ᠵᠢᠭᠠᠰᠣᠲᠠᠢ ᠭᠠᠴᠠᠭᠠᠨ ᠳᠤ ᠶᠠᠪᠤᠭᠳᠠᠯ᠎ᠠ                                          8 ᠰᠠᠷ᠎ᠠ ᠶᠢᠨ17 ᠤ ᠡᠳᠦᠷ᠂ ᠵᠢᠷ ᠤᠨ ᠭᠤᠣᠯ ᠪᠠᠯᠭᠠᠰᠣᠨ ᠤ ᠨᠠᠮ ᠤᠨ ᠬᠤᠷᠢᠶ᠎ᠠ᠂ ᠵᠠᠰᠠᠭ ᠤᠨ ᠣᠷᠳᠣᠨ ᠠᠴᠠ ᠭᠤᠤᠯᠯᠠᠨ ᠡᠷᠬᠢᠯᠡᠵᠣ᠂  ᠵᠢᠷ ᠤᠨ ᠭᠤᠣᠯ ᠪᠠᠯᠭᠠᠰᠣᠨ ᠤ ᠵᠢᠭᠠᠰᠣᠲᠠᠢ ᠭᠠᠴᠠᠭᠠᠨ ᠤ ᠨᠠᠮ ᠤᠨ ᠡᠭᠦᠷ ᠂ ᠭᠠᠴᠠᠭᠠᠨ ᠵᠥᠪᠯᠡᠯ ᠠᠴᠠ ᠳᠠᠭᠠᠭᠠᠴᠢᠯᠠᠨ ᠡᠷᠬᠢᠯᠡᠭᠰᠡᠨ ︽ᠨᠠ᠊ · ᠷᠢᠨᠴᠢᠨ ᠬᠤᠨᠳᠠᠭᠠᠲᠣ  ︾ ᠭᠠᠷ ᠣᠷᠠᠯᠠᠯ ᠤᠨ ᠣᠷᠣᠯᠳᠣᠭᠠᠨ ᠪᠠ ᠬᠠᠳᠬᠤᠮᠠᠯ ᠤᠨ ᠣᠷᠣᠯᠳᠣᠭᠠᠨ ᠨᠢ ᠵᠢᠷ ᠤᠨ ᠭᠤᠣᠯ ᠪᠠᠯᠭᠠᠰᠤᠨ ᠤ ᠵᠢᠭᠠᠰᠣᠲᠠᠢ ᠭᠠᠴᠠᠭᠠᠨ ᠳᠤ ᠶᠠᠪᠤᠭᠳᠠᠵᠤ᠂ ᠨᠠᠮ ᠤᠨ ᠬᠤᠷᠢᠳᠤᠭᠠᠷ ᠶᠡᠭᠡ ᠬᠤᠷᠠᠯ ᠢ ᠰᠣᠷᠣᠯᠴᠠᠨ ᠲᠣᠣᠱᠯᠠᠭᠤᠯᠵᠣ᠂ ᠬᠠᠮᠲᠣ ᠶᠢᠨ ᠲᠠᠨᠢᠯᠲᠠ ᠶᠢᠨ ᠣᠬᠠᠮᠰᠠᠷ ᠢ ᠳᠡᠭᠡᠭᠰᠢᠯᠡᠭᠦᠯᠵᠣ᠂ ᠳᠣᠮᠳᠠᠳᠣ ᠶᠢᠨ ᠦᠨᠳᠦᠰᠦᠲᠡᠨ ᠤ ᠬᠠᠮᠲᠣ ᠶᠢᠨ ᠴᠣᠭᠴᠠ ᠶᠢᠨ ᠣᠬᠠᠮᠰᠠᠷ ᠢ ᠪᠠᠲᠣᠳᠬᠠᠨ᠂ ᠪᠥᠬᠦ ᠬᠤᠰᠢᠭᠤᠨ ᠤ ᠥᠷᠭᠡᠨ ᠣᠯᠠᠨ ᠭᠠᠷ ᠣᠷᠠᠯᠠᠯ ᠢᠶᠠᠷ ᠦᠢᠯᠡᠰ ᠢᠶᠠᠨ ᠪᠣᠰᠬᠠᠵᠣ ᠶᠠᠪᠣᠭ᠎ᠠ ᠣᠷᠠᠯᠢᠭᠴᠢᠳ ᠢᠶᠠᠨ ᠵᠣᠷᠢᠭᠵᠢᠭᠤᠯᠣᠨ ᠳᠠᠶᠢᠴᠢᠯᠠᠬᠤ   ᠪᠠᠷ ᠵᠣᠷᠢᠯᠭ᠎ᠠ ᠪᠠᠨ ᠪᠣᠯᠭᠠᠵᠠᠢ᠃
      ᠨᠠ᠊ · ᠷᠢᠨᠴᠢᠨ ᠪᠣᠯ  ᠪᠠᠷᠠᠭᠤᠨ ᠦᠵᠦᠮᠦᠴᠢᠨ  ᠬᠤᠰᠢᠭᠤᠨ ᠤ  ᠡᠬᠡᠯ ᠵᠢᠷ ᠤᠨ ᠨᠢᠭᠡᠨ ᠮᠠᠯᠴᠢᠨ ᠬᠦᠮᠦᠨ ᠂ ᠲᠡᠷᠡ ᠵᠢᠷᠤᠭ ᠰᠡᠶᠢᠯᠦᠮᠡᠯ   ᠲᠤ ᠪᠠᠨᠬᠳᠠᠢ  ᠪᠥᠭᠡᠳ ᠮᠣᠷᠢᠨ ᠬᠤᠭᠤᠷ᠂ ᠭᠤᠷᠪᠠᠨ ᠣᠲᠠᠰᠣᠲᠣ ᠬᠤᠭᠤᠷ᠂ ᠳᠥᠷᠪᠡᠨ ᠣᠲᠠᠰᠣᠲᠣ ᠬᠤᠭᠤᠷ ᠤᠨ ᠬᠥᠭᠵᠢᠮ ᠳᠤ ᠠᠪᠢᠶᠠᠰ ᠲᠠᠢ ᠪᠠᠶᠢᠵᠤ᠂  ᠤᠯᠠᠨ ᠰᠠᠶᠢᠬᠠᠨ ᠣᠷᠠᠨ ᠵᠢᠷᠤᠭ᠂ ᠰᠡᠶᠢᠯᠦᠮᠡᠯ ᠪᠠ ᠬᠥᠭᠵᠢᠮ ᠤᠨ ᠪᠥᠲᠦᠭᠡᠯ ᠢᠶᠠᠷ ᠢᠶᠠᠨ  ᠮᠤᠩᠭᠤᠯ ᠠᠷᠠᠳ ᠤᠨ ᠵᠠᠩ ᠦᠢᠯᠡ᠂ ᠨᠡᠭᠦᠳᠡᠯ ᠮᠠᠯᠵᠢᠯ ᠤᠨ ᠰᠣᠶᠣᠯ  ᠢᠷᠬᠡᠨᠰᠢᠯ ᠢ ᠲᠤᠰᠬᠠᠭᠰᠠᠨ ᠪᠠᠶᠢᠳᠠᠭ᠃
      ᠨᠠ᠊ · ᠷᠢᠨᠴᠢᠨ ᠭᠤᠸᠠᠢ   ᠶᠢᠨ ᠣᠷᠠᠯᠠᠯ ᠵᠢᠷᠤᠭ ᠤᠨ  ᠪᠥᠲᠦᠭᠡᠯ ᠤᠳ ᠠᠴᠠ ︽ᠦᠵᠦᠮᠦᠴᠢᠨ ᠬᠡ ᠣᠭᠠᠯᠵᠠ︾᠂ ︽ ᠴᠢᠩᠭᠢᠰ ᠬᠠᠭᠠᠨ ᠤ ᠬᠥᠷᠦᠭ︾᠂ ︽ᠥᠭᠡᠳᠠᠢ ᠬᠠᠭᠠᠨ ᠬᠥᠷᠦᠭ︾᠂  ︽ᠠᠪᠳᠠᠷ᠎ᠠ ᠪᠠᠷ᠎ᠠ  ᠶᠢᠨ ᠬᠡ  ︾ ᠨᠢ ᠮᠠᠰᠢ ᠠᠯᠳᠠᠷᠲᠠᠢ᠃ ᠨᠡᠩ ᠴᠦ ᠲᠡᠭᠦᠨ ᠤ  ᠰᠠᠷᠬᠦᠬᠡᠨ ᠵᠢᠷᠣᠭᠰᠠᠨ ︽ᠴᠢᠩᠭᠢᠰ ᠤᠨ ᠣᠩᠭᠤᠨ  ᠳᠠᠬᠢ ᠰᠢᠲᠦᠭᠡᠨᠲᠦ ᠵᠢᠷᠤᠭ ᠤᠳ︾ ᠬᠡᠭᠦ ᠢᠵᠢ ᠪᠥᠲᠦᠭᠡᠯ ᠨᠢ ᠳᠡᠯᠡᠬᠡᠢ ᠳᠤ ᠬᠤᠪᠣᠷᠬᠠᠨ ᠡᠷᠳᠡᠨᠢᠰ ᠪᠣᠯᠬᠤ ᠶᠣᠮ᠃  ᠨᠠ᠊ · ᠷᠢᠨᠴᠢᠨ ᠭᠤᠸᠠᠢ ᠪᠣᠯ ᠵᠢᠷᠣᠭᠴᠢᠨ ᠲᠡᠳᠦᠢ ᠦᠭᠡᠢ  ᠰᠡᠶᠢᠯᠪᠣᠷᠢᠴᠢᠨ  ᠬᠦᠮᠦᠨ ᠶᠤᠮ᠃ ᠲᠡᠭᠦᠨ ᠤ ᠭᠠᠩ ᠰᠠᠶᠢᠲᠠᠢ᠂ ᠰᠥᠭᠡᠮ ᠬᠢᠷᠢᠲᠠᠢ ᠭᠠᠭᠴᠠ ᠬᠢᠲᠤᠭ᠎ᠠ ᠪᠠᠷ  ᠰᠡᠶᠢᠯᠪᠦᠷᠢᠯᠡᠨ ᠪᠥᠲᠦᠭᠡᠭᠰᠡᠨ ︽ᠵᠢᠷᠭᠠᠯᠠᠩᠲᠣ  ᠨᠠᠢᠮᠠᠨ ᠮᠣᠷᠢ︾᠂ ︽ᠴᠢᠩᠭᠢᠰ   ᠤᠨ  ᠨᠠᠢᠮᠠᠨ ᠰᠢᠷᠭ᠎ᠠ  ︾ ᠵᠡᠷᠭᠡ ᠣᠯᠠᠨ ᠪᠥᠲᠦᠭᠡᠯ ᠤᠳ ᠨᠢ ᠠᠷᠠᠳ ᠤᠨ ᠳᠣᠮᠳᠠ ᠥᠪᠯᠡᠭᠳᠡᠨ ᠬᠠᠳᠠᠭᠠᠯᠠᠭᠳᠠᠵᠤ᠂ ᠣᠷᠠᠯᠢᠭ ᠤᠨ  ᠰᠣᠳᠣᠨ ᠴᠢᠮᠡᠭ ᠪᠣᠯᠵᠣ ᠦᠯᠡᠳᠡᠵᠠᠢ᠃
     ᠲᠣᠰ ᠣᠳᠠᠭᠠᠨ ᠤ ᠣᠷᠣᠯᠳᠣᠭᠠᠨ ᠨᠢ  ᠱᠣᠭᠤᠮᠠᠯ ᠪᠠ ᠣᠯᠠᠮᠵᠢᠯᠠᠯᠲᠣ ᠬᠠᠳᠬᠤᠮᠠᠯ ᠬᠤᠶᠠᠷ ᠶᠡᠭᠡ ᠲᠥᠷᠦᠯ ᠢ ᠪᠠᠭᠲᠠᠭᠠᠵᠣ᠂  ᠪᠥᠬᠦ ᠬᠤᠰᠢᠭᠤᠨ ᠤ ᠬᠡᠪᠴᠢᠶᠡᠨ ᠳᠤ ᠶᠠᠪᠤᠭᠳᠠᠭᠰᠠᠨ ᠢᠶᠠᠷ᠂ ᠪᠠᠶᠠᠨᠬᠤᠸᠠ᠂ ᠣᠯᠠᠭᠠᠨᠬᠠᠭᠠᠯᠭ᠎ᠠ  ᠵᠡᠷᠭᠡ ᠰᠣᠮᠣ ᠪᠠᠯᠭᠠᠰᠣᠨ ᠤ ᠨᠡᠶᠢᠲᠡ42 ᠪᠥᠲᠦᠭᠡᠯ ᠣᠷᠣᠯᠴᠠᠵᠤ᠂ 8 ᠨᠡᠷ᠎ᠡ ᠬᠢᠨᠠᠭᠴᠢᠳ ᠤᠨ ᠪᠥᠯᠬᠦᠮ ᠢ ᠵᠣᠬᠢᠶᠠᠨ ᠪᠠᠶᠢᠭᠤᠯᠵᠣ ᠨᠠᠷᠢᠯᠢᠭ ᠬᠢᠴᠡ᠂  ᠬᠡᠪ ᠪᠠᠶᠢᠳᠠᠯ᠂ ᠥᠩᠭᠡ ᠪᠤᠳᠤᠭ ᠵᠡᠷᠭᠡ ᠣᠯᠠᠨ ᠲᠠᠯ᠎ᠠ   ᠶᠢᠨ ᠪᠠᠷᠢᠮᠵᠢᠶ᠎ᠠ ᠪᠠᠷ ᠲᠥᠪ ᠭᠤᠣᠯᠴᠢ ᠰᠢᠯᠭᠠᠷᠠᠭᠤᠯᠵᠠᠢ᠃     ᠡᠴᠦᠰ ᠤᠨ ᠰᠢᠯᠭᠠᠷᠠᠭᠤᠯᠣᠯᠲᠠ ᠪᠠᠷ ᠳᠠᠮᠵᠢᠨ᠂ ᠣᠯᠠᠮᠵᠢᠯᠠᠯᠲᠣ ᠬᠠᠳᠬᠤᠮᠠᠯ ᠪᠠ ᠱᠣᠭᠤᠮᠠᠯ ᠤᠨ ᠨᠡᠭᠡᠳᠦᠭᠡᠷ ᠳᠡᠰ ᠲᠤ ᠲᠣᠰ ᠪᠥᠷᠢ 1ᠪᠥᠲᠦᠭᠡᠯ᠂ ᠬᠤᠶᠠᠳᠣᠭᠠᠷ  ᠳᠡᠰ ᠲᠤ ᠲᠣᠰ ᠪᠥᠷᠢ 2 ᠪᠥᠲᠦᠭᠡᠯ᠂  ᠭᠤᠷᠪᠠᠳᠣᠭᠠᠷ ᠳᠡᠰ  ᠲᠤ ᠲᠣᠰ ᠪᠥᠷᠢ 3 ᠪᠥᠲᠦᠭᠡᠯ᠂ ᠰᠢᠯᠢᠳᠡᠭ ᠳᠡᠰ ᠲᠤ ᠲᠣᠰ ᠪᠥᠷᠢ15 ᠪᠥᠲᠦᠭᠡᠯ ᠶᠢ ᠰᠢᠯᠭᠠᠷᠠᠭᠤᠯᠵᠠᠢ᠃
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠵᠠᠰᠠᠭ ᠤᠨ ᠤᠷᠳᠤᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号