ᠨᠠᠶᠢᠷ ᠤᠨ ᠨᠤᠮᠢᠨ ᠳᠡᠨᠵᠢᠨ ᠳᠤ ᠨᠤᠮ ᠳᠤ ᠪᠠᠭᠲᠠᠭᠰᠠᠨ ᠪᠠᠶᠠᠰᠤᠯ
ᠨᠡᠶᠢᠲᠡᠯᠡᠭᠰᠡᠨ ᠴᠠᠭ᠄
2023/8/23
      ᠨᠠᠶᠢᠷ ᠤᠨ ᠨᠤᠮᠢᠨ ᠳᠡᠨᠵᠢᠨ ᠳᠤ ᠨᠤᠮ ᠳᠤ ᠪᠠᠭᠲᠠᠭᠰᠠᠨ ᠪᠠᠶᠠᠰᠤᠯ   ᠠᠷᠠᠳ ᠤᠨ ᠶᠡᠭᠡ ᠨᠠᠶᠢᠷ ᠤᠨ 1024 ᠪᠥᠬᠡ ᠶᠢᠨ ᠰᠢᠯᠢᠳᠡᠭ 64 ᠪᠥᠬᠡ ᠪᠠᠷᠢᠯᠳᠤᠵᠤ᠂ ᠨᠠᠶᠢᠷ ᠤᠨ ᠨᠣᠭᠤᠭᠠᠨ ᠳᠡᠨᠵᠢᠨ ᠳᠡᠭᠡᠷ᠎ᠡ ᠦᠵᠡᠭᠴᠢ ᠤᠯᠠᠨ ᠢ ᠥᠨᠳᠡᠯᠵᠡᠭᠦᠯᠵᠦ ᠪᠠᠶᠢᠭᠰᠠᠨ ᠠᠭᠱᠠᠨ ᠳᠤ ᠪᠠᠯᠭᠠᠷᠭᠤᠣᠯ ᠪᠠᠯᠭᠠᠰᠤᠨ ᠤ ᠲᠥᠪ ᠲᠤ ᠪᠠᠶᠠᠩᠬᠤᠸᠠ ᠪᠠᠯᠭᠠᠰᠤᠨ ᠤ ᠠᠯᠲᠠᠨᠬᠢᠩᠭᠠᠨ ᠭᠠᠴᠠᠭᠠᠨ ᠤ  ︽ᠶᠢᠰᠦᠨ ᠬᠦᠰᠡᠯ︾ ᠬᠤᠯᠪᠤᠭᠠᠨ ᠤ  ᠵᠤᠬᠢᠶᠠᠨ  ᠪᠠᠶᠢᠭᠤᠯᠤᠭᠰᠠᠨ ︽ ᠨᠤᠮ ᠤᠩᠰᠢᠯᠭ᠎ᠠ ᠶᠢᠨ ᠠᠵᠢᠯᠯᠠᠭ᠎ᠠ︾ ᠶᠠᠪᠤᠭᠳᠠᠵᠤ᠂ ᠨᠣᠮ ᠤᠨ ᠬᠤᠷᠣᠬᠠᠶᠢᠴᠤᠳ ᠤᠨ ᠨᠣᠮ ᠳᠤ ᠱᠤᠩᠪᠠᠵᠤ ᠪᠢᠯᠢᠭ ᠤᠶᠤᠨ ᠢᠶᠠᠨ ᠰᠣᠷᠢᠭᠰᠠᠨ ᠰᠠᠶᠢᠬᠠᠨ ᠴᠤᠭᠯᠠᠭᠠᠨ ᠪᠤᠯᠤᠭᠰᠠᠨ ᠪᠢᠯᠡ᠃  ᠲᠤᠰ ᠤᠳᠠᠭᠠᠨ ᠤ ᠤᠷᠤᠯᠳᠤᠭᠠᠨ ᠨᠢ ︽ᠰᠤᠷᠬᠠᠭᠳᠠᠨᠢ ᠪᠠᠬᠢ ᠬᠠᠲᠤᠨ︾ ᠨᠣᠮ ᠤᠨ ᠲᠣᠭᠤᠷᠢᠨ ᠳᠤ ᠰᠡᠳᠦᠪ  ᠭᠠᠷᠭᠠᠭᠰᠠᠨ ᠪᠢᠷ ᠤᠨ ᠰᠢᠯᠭᠠᠯᠲᠠ ᠶᠢᠨ ᠤᠷᠤᠯᠳᠣᠭᠠᠨ ᠪᠠ  ︽ᠪᠢ ᠮᠡᠳᠡᠨ᠎ᠡ︾ ᠰᠢᠭᠤᠳ ᠠᠰᠠᠭᠤᠯᠲᠠ ᠶᠢᠨ ᠤᠷᠤᠯᠳᠤᠭᠠᠨ ᠭᠡᠬᠦ ᠬᠤᠶᠠᠷ ᠠᠭᠤᠯᠭ᠎ᠠ ᠪᠠᠷ ᠶᠠᠪᠤᠭᠳᠠᠵᠤ᠂  ᠪᠢᠷ ᠤᠨ  ᠰᠢᠯᠭᠠᠯᠳᠠ ᠳᠤ ᠵᠡᠭᠦᠨ ᠦᠵᠦᠮᠦᠴᠢᠨ ᠨᠤᠲᠤᠭ ᠲᠠᠢ ᠨᠠᠷᠠᠩᠬᠤᠸᠠᠷ ᠲᠡᠷᠢᠭᠦᠯᠡᠵᠦ᠂ ᠪᠠᠷᠠᠭᠤᠨ ᠦᠵᠦᠮᠦᠴᠢᠨ ᠬᠤᠰᠢᠭᠤᠨ ᠤ ᠲᠡᠮᠦᠷᠪᠠᠭᠠᠨ᠎ᠠ ᠳᠡᠳ᠋ᠯᠡᠵᠦ᠂ ᠵᠡᠭᠦᠨ ᠦᠵᠦᠮᠦᠴᠢᠨ ᠤ ᠣᠶᠤᠨᠭᠤᠸ᠎ᠠ ᠭᠤᠳᠠᠭᠠᠷ ᠲᠤ ᠤᠷᠤᠵᠠᠢ᠃ ᠠᠰᠠᠭᠤᠯᠲᠠ ᠶᠢᠨ ᠮᠡᠳᠡᠯᠭᠡ ᠶᠢᠨ ᠤᠷᠤᠯᠳᠤᠭᠠᠨ ᠳᠤ ᠪᠠᠷᠠᠭᠤᠨ ᠦᠵᠦᠮᠦᠴᠢᠨ ᠬᠤᠰᠢᠭᠤᠨ ᠤ ᠲᠡᠮᠦᠷᠪᠠᠭᠠᠨ᠎ᠠ ᠲᠡᠷᠢᠭᠦᠯᠡᠵᠦ᠂ ᠵᠡᠭᠦᠨ ᠦᠵᠦᠮᠦᠴᠢᠨ ᠬᠤᠰᠢᠭᠤᠨ ᠤ ᠨᠠᠷᠠᠩᠬᠤᠸᠠᠷ᠂ ᠴᠢᠨᠳᠠᠮᠤᠨᠢ ᠨᠠᠷ ᠲᠤᠰ ᠲᠤᠰ ᠬᠤᠶᠠᠳᠤᠭᠠᠷ ᠭᠤᠳᠠᠭᠠᠷ ᠲᠤ ᠲᠣᠳᠤᠷᠠᠵᠤ᠂ ᠨᠣᠮ ᠤᠨ ᠰᠠᠶᠢᠬᠠᠨ ᠱᠠᠩ ᠬᠦᠷᠲᠡᠵᠡᠢ᠃    ᠪᠢᠯᠢᠭ ᠤᠬᠠᠭᠠᠨ ᠢᠶᠠᠨ ᠰᠣᠷᠢᠭᠰᠠᠨ ᠡᠨᠡ ᠤᠳᠠᠭᠠᠨ ᠤ ᠤᠷᠤᠯᠳᠤᠭᠠᠨ ᠨᠢ ᠪᠠᠷᠠᠭᠤᠨ ᠦᠵᠦᠮᠦᠴᠢᠨ ᠤ ᠨᠣᠮ ᠤᠨ ᠪᠠᠭ᠋ᠠᠲᠠᠳ ᠠᠴᠠ ᠨᠣᠮ ᠤᠩᠰᠢᠯᠭ᠎ᠠ   ᠶᠢᠨ ᠲᠠᠯ᠎ᠠ  ᠪᠠᠷ ᠰᠡᠳᠬᠢᠭᠳᠡᠯ ᠢᠶᠠᠨ ᠬᠤᠪᠢᠶᠠᠯᠴᠠᠭᠰᠠᠨ ᠰᠠᠶᠢᠬᠠᠨ ᠭ᠊ ᠠᠵᠢᠯᠯᠠᠭ᠎ᠠ ᠪᠤᠯᠤᠭᠰᠠᠨ ᠪᠠᠶᠢᠨ᠎ᠠ᠃
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠵᠠᠰᠠᠭ ᠤᠨ ᠤᠷᠳᠤᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号