ᠠᠪᠠᠢ ᠬᠠᠨ ᠠᠭᠤᠯᠠ
ᠨᠡᠶᠢᠲᠡᠯᠡᠭᠰᠡᠨ ᠴᠠᠭ᠄
2022/11/17
                   ᠠᠪᠠᠢ ᠬᠠᠨ ᠠᠭᠤᠯᠠ  ᠠᠪᠠᠢ ᠬᠠᠨ ᠠᠭᠤᠯᠠ ᠶᠢ ᠪᠠᠰᠠ ︽ᠪᠤᠷᠭᠠᠰᠤᠲᠠᠢ ᠬᠠᠨ ᠠᠭᠤᠯᠠ︾ ᠴᠦ ᠭᠡᠳᠡᠭ᠃ ᠡᠨᠡ ᠠᠭᠤᠯᠠ ᠶᠢᠨ ᠪᠠᠷᠠᠭᠤᠨ ᠬᠤᠶᠢᠲᠤ ᠦᠵᠦᠬᠦᠷ ᠤᠨ ᠦᠨᠳᠦᠷᠯᠢᠭ ᠢ ︽ᠱᠤᠤᠨᠠᠢ ᠬᠠᠨ︾᠂ ᠵᠡᠬᠦᠨ ᠲᠠᠯ᠎ᠠ ᠶᠢᠨ ᠨᠡᠳᠦᠭᠡᠷ ᠪᠦᠳᠦᠭᠦᠨ ᠦᠨᠳᠦᠷᠯᠢᠭ ᠢ ᠨᠢ ︽ᠠᠪᠠᠢ ᠬᠠᠨ︾ ᠭᠡᠵᠦ ᠳᠠᠭᠤᠳᠠᠳᠠᠭ᠃ ᠡᠨᠡ ᠬᠠᠨ ᠠᠭᠤᠯᠠ ᠶᠢ ᠪᠠᠰᠠ ︽ᠳᠤᠤᠷᠠᠳᠤ ᠬᠠᠨ ᠠᠭᠤᠯᠠ︾ ᠴᠦ ᠭᠡᠳᠡᠭ᠃ ᠭᠤᠷᠪᠠᠨ ᠲᠠᠶᠢᠵᠢᠨᠠᠷ ᠠᠶᠢᠮᠠᠭ ᠤᠨ ᠢᠯᠳᠠᠩᠬᠠᠢ ᠰᠢᠷ᠎ᠠ ᠶᠢᠨ ᠠᠯᠪᠠᠳᠤ ᠢᠷᠭᠡᠳ ᠤᠨ ᠰᠢᠳᠦᠭᠡᠨ ᠣᠪᠣᠭ᠎ᠠ ᠪᠣᠯᠬᠤ ᠶᠤᠮ᠃ ᠠᠪᠠᠢ ᠬᠠᠨ ᠤ ᠲᠠᠬᠢᠯᠭ᠎ᠠ ᠶᠢᠨ ᠣᠪᠣᠭ᠎ᠠ ᠨᠢ ᠱᠤᠤᠨᠠᠢ ᠶᠢᠨ ᠤᠷᠤᠢ ᠳᠤ ᠪᠠᠶᠢᠵᠦ ᠂ ᠡᠨᠡ ᠣᠪᠣᠭ᠎ᠠ ᠶᠢ ᠠᠩᠬ᠎ᠠ ᠪᠤᠰᠬᠠᠬᠤ ᠳᠤ ᠬᠠᠲᠠ ᠴᠢᠯᠠᠭᠤ ᠶᠢ ᠨᠢ ᠲᠠᠭ᠎ᠠ ᠤᠨᠤᠭᠰᠠᠨ ᠬᠦᠮᠦᠰ᠂ ᠪᠠᠷᠠᠭᠤᠨ ᠬᠤᠶᠢᠲᠤ ᠮᠦᠷᠦ ᠶᠢ ᠨᠢ ᠲᠠᠭᠠᠵᠦ ᠳᠡᠭᠡᠭᠰᠢ ᠪᠠᠨ ᠵᠦᠭᠡᠭᠡᠵᠦ ᠭᠠᠷᠭᠠᠭᠰᠠᠨ ᠭᠡᠳᠡᠭ᠃ ᠡᠨᠡ ᠤᠪᠣᠭ᠎ᠠ ᠶᠢ ︽ᠦᠭᠯᠢᠭᠡ ᠪᠠᠷᠢᠯᠳᠤᠯᠭᠠᠳᠤ ᠭᠡᠶᠢᠳ︾ ︵ᠢᠨᠵᠠᠭᠠᠨ ᠰᠦᠮ᠎ᠡ︶ ᠠᠴᠠ ᠵᠢᠯ ᠪᠦᠷᠢ ᠶᠢᠨ ᠲᠠᠪᠤᠨ ᠰᠠᠷ᠎ᠠ ᠶᠢᠨ ᠬᠤᠷᠢᠨ ᠨᠢᠭᠡᠨ ᠳᠤ ᠲᠠᠬᠢᠳᠠᠭ ᠵᠣᠷᠰᠢᠯ ᠲᠠᠢ᠃
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠵᠠᠰᠠᠭ ᠤᠨ ᠤᠷᠳᠤᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号