ᠪᠠᠯᠭᠠᠷ ᠭᠤᠣᠯ
ᠨᠡᠶᠢᠲᠡᠯᠡᠭᠰᠡᠨ ᠴᠠᠭ᠄
2022/11/17
          ᠪᠠᠯᠭᠠᠷ ᠭᠤᠣᠯ     ᠡᠷᠲᠡᠨ ᠤ ᠲᠣᠮᠤᠭ ᠶᠠᠷᠢᠶᠠᠨ ᠳᠤ ᠠᠷᠪᠠᠨ ᠭᠤᠣᠯ ᠨᠡᠶᠢᠯᠡᠵᠦ᠂ ᠨᠢᠭᠡ ᠪᠠᠯᠭᠠᠷ ᠪᠤᠯᠵᠦ᠂ ᠠᠷᠪᠠᠨ ᠪᠠᠯᠭᠠᠷ ᠨᠡᠶᠢᠯᠡᠪᠡᠯ ᠨᠢᠭᠡ ᠤᠯᠠᠭᠠᠢ ᠪᠤᠯᠵᠦ᠂ ᠠᠷᠪᠠᠨ ᠤᠯᠠᠭᠠᠢ ᠨᠡᠶᠢᠯᠡᠪᠡᠯ ᠨᠢᠭᠡ ᠮᠦᠷᠡᠨ ᠪᠤᠯᠤᠨ᠎ᠠ ᠭᠡᠳᠡᠭ᠃ ᠪᠠᠯᠭᠠᠷ ᠭᠤᠣᠯ  ᠨᠢ᠄ ᠡᠮᠳᠤ᠂ ᠰᠦᠮᠡᠳᠤ ᠵᠡᠷᠭᠡ ᠠᠭᠤᠯᠠ ᠨᠢᠷᠤᠭᠤᠳ ᠠᠴᠠ ᠡᠬᠢ ᠠᠪᠤᠭᠰᠠᠨ ᠱᠠᠷᠢᠯ ᠤᠨ ᠭᠤᠣᠯ᠂ ᠵᠡᠭᠦᠨ ᠰᠢᠪᠡᠷᠳᠡᠢ ᠶᠢᠨ ᠭᠤᠣᠯ᠂ ᠳ᠋ᠢᠶᠠᠨ ᠭᠤᠣᠯ᠂ ᠬᠠᠯᠢᠭᠤᠳᠤ ᠶᠢᠨ ᠭᠤᠣᠯ ᠪᠠ ᠨᠤᠭᠤᠭᠠᠨ ᠪᠤᠯᠠᠭ ᠵᠡᠷᠭᠡ ᠤᠯᠠᠨ ᠪᠤᠯᠠᠭ  ᠤᠳ ᠤᠷᠤᠰᠬᠠᠯ ᠪᠦᠷᠢᠯᠳᠦᠨ ᠳ᠋ᠢᠶᠠᠨ ᠰᠦᠮ᠎ᠡ ᠶᠢᠨ ᠬᠤᠶᠠᠷ ᠲᠠᠯ᠎ᠠ ᠪᠠᠷ ᠬᠤᠶᠠᠷ ᠪᠠᠭ᠎ᠠ ᠭᠤᠣᠯ ᠪᠤᠯᠤᠨ ᠬᠤᠶᠢᠰᠢ ᠤᠷᠤᠰᠴᠦ ᠡᠯᠡᠰᠤ ᠲᠤᠭᠤᠯᠤᠭᠠᠳ᠂ ᠭᠤᠷᠪᠠᠨ ᠭᠤᠤᠲᠦ ᠶᠢᠨ ᠵᠡᠭᠦᠨ ᠰᠤᠭᠤ ᠳᠠᠬᠢ ᠨᠦᠭᠡᠬᠡᠯᠳᠤ ᠶᠢᠨ ᠤᠯᠤᠮ ᠪᠠ ᠴᠢᠯᠠᠭᠤᠳᠤ ᠶᠢᠨ ᠤᠯᠤᠮ ᠳᠤ ᠨᠡᠶᠢᠯᠡᠭᠡᠳ ᠰᠠᠶ᠋ᠢ ᠪᠠᠯᠭᠠᠷ ᠭᠤᠣᠯ ᠭᠡᠵᠦ ᠨᠡᠷᠡᠶᠢᠳᠦᠭᠳᠡᠨ᠎ᠡ᠃ ᠡᠨᠡ ᠭᠠᠵᠠᠷ ᠠᠴᠠ ᠬᠤᠶᠢᠰᠢᠯᠠᠭᠰᠠᠭᠠᠷ ᠰᠢᠨᠠᠭ᠎ᠠ ᠶᠢᠨ ᠭᠤᠣᠯ᠂ ᠤᠷᠲᠦ ᠶᠢᠨ ᠭᠤᠣᠯ᠂ ᠠᠯᠳᠠᠨ ᠭᠤᠣᠯ᠂ ᠬᠤᠭᠤᠯᠠᠳᠤ ᠶᠢᠨ ᠭᠤᠣᠯ ᠤᠳ ᠢᠷᠡᠵᠦ ᠨᠡᠶᠢᠯᠡᠨ ᠦᠵᠦᠮᠦᠴᠢᠨ ᠨᠤᠲᠤᠭ ᠢᠶᠠᠨ ᠲᠤᠭᠤᠯᠤᠨ ᠤᠷᠤᠰᠴᠦ ᠤᠯᠠᠭᠠᠢ ᠶᠢᠨ ᠭᠤᠣᠯ ᠲᠠᠢ ᠪᠠᠨ ᠠᠭᠤᠯᠵᠠᠳᠠᠭ ᠶᠤᠮ᠃
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠵᠠᠰᠠᠭ ᠤᠨ ᠤᠷᠳᠤᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号