ᠣᠯᠠᠭᠠᠨ ᠬᠠᠭᠠᠯᠭ᠎ᠠ ᠰᠦᠮ᠎ᠡ | ① ᠬᠤᠰᠢᠭᠤᠨ ᠤ ᠵᠢᠷᠭᠤᠭᠠᠨ ᠬᠡᠶᠢᠳ ᠤᠨ ᠨᠢᠭᠡ ᠪᠦᠭᠡᠳ ᠰᠦᠮ᠎ᠡ ᠶᠢᠨ ᠬᠡᠪᠴᠢᠶ᠎ᠡ ᠪᠠᠷᠢᠯᠭ᠎ᠠ ᠶᠢᠨ ᠴᠢᠨᠠᠷᠵᠢᠯ᠂ | ᠬᠤᠸᠠᠷᠬᠭ ᠯᠠᠮᠠ ᠶᠢᠨ ᠳᠤᠭ᠎ᠠ ᠪᠠᠷ ᠪᠤᠰᠤᠳ ᠰᠦᠮ᠎ᠡ ᠠᠴᠠ ᠪᠠᠨ ᠣᠷᠣᠶᠢᠯᠠᠨᠠ᠃ ᠴᠢᠯᠦᠭᠡᠯᠡᠭᠳᠡᠬᠦ ᠶᠢᠨ ᠡᠬᠢᠨ ᠤ | ᠦᠶ᠎ᠡ ᠳᠤ ᠵᠡᠭᠦᠨ ᠬᠤᠯᠪᠣᠭᠠᠳᠤ ᠬᠤᠰᠢᠭᠤᠨ ᠤ ᠵᠠᠰᠠᠭ ᠤᠨ ᠣᠷᠳᠣᠨ ᠪᠠᠶᠢᠭᠰᠠᠨ ᠬᠤᠪᠢᠰᠬᠠᠯ ᠤᠨ ᠰᠠᠭᠤᠷᠢᠨ ᠭᠠᠵᠠᠷ | ᠪᠦᠭᠡᠳ 1948 ᠣᠨ ᠳᠤ ᠬᠤᠪᠢᠰᠬᠠᠯ ᠤᠨ ᠡᠰᠡᠷᠭᠦ ᠬᠤᠲᠤᠷᠠᠩᠭᠠ ᠶᠢᠨ ᠪᠦᠯᠦᠭ ᠲᠠᠢ ᠪᠠᠶᠢᠯᠳᠥᠭ᠌ᠰᠠᠨ ︽ᠣᠯᠠᠭᠠᠨ | ᠬᠠᠭᠠᠯᠭ᠎ᠠ ᠶᠢᠨ ᠲᠤᠯᠤᠯᠳᠥᠭᠠᠨ︾ ᠠᠳᠡ ᠡᠭᠦᠰᠦᠭᠰᠡᠨ ᠲᠡᠤᠬᠡᠲᠤ ᠭᠠᠵᠠᠷ ᠪᠣᠯᠣᠨ᠎ᠠ᠃ ᠰᠣᠶᠣᠯ ᠤᠨ | ᠬᠤᠪᠢᠰᠬᠠᠯ ᠤᠨ ᠳᠣᠮᠳᠠ ᠰᠣᠶᠢᠳᠤᠨ ᠲᠠᠮᠲᠠᠷᠠᠵᠤ᠂ ᠣᠳᠣ ᠳᠤᠰ ᠨᠤᠲᠤᠭ ᠤᠨ ᠮᠠᠯᠴᠢᠨ ᠠᠷᠠᠳ ᠢᠶᠠᠷ ᠭᠤᠣᠯᠯᠠᠭᠰᠠᠨ | ᠂ ᠰᠦᠰᠦᠭ ᠪᠢᠰᠢᠷᠡᠯᠲᠡᠨ ᠨᠠᠷ ᠳᠠᠬᠢᠨ ᠰᠡᠷᠭᠦᠭᠡᠨ ᠪᠠᠶᠢᠭᠤᠯᠵᠤ ᠰᠢᠲᠤᠵᠤ ᠪᠠᠶᠢᠭ᠎ᠠ ᠭᠠᠵᠠᠷ ᠶᠤᠮ᠃② ᠡᠷᠲᠡ | ᠤᠷᠢᠲᠤ ᠶᠢᠨ ᠴᠠᠭ ᠲᠤ ᠨᠢᠭᠡᠨ ᠪᠠᠳᠢᠷᠴᠢᠨ ᠯᠠᠮᠠ ᠡᠨᠡ ᠭᠠᠵᠠᠷ ᠲᠤ ᠢᠷᠡᠬᠦ ᠳᠤ ᠲᠠᠩᠽᠠᠨ ᠭᠡᠳᠡᠭ ᠮᠠᠶᠢᠷᠠᠨ ᠤ | ᠳᠡᠭᠡᠳᠤᠰ ᠤᠨ ᠰᠠᠭᠤᠵᠤ ᠪᠠᠶᠢᠭᠰᠠᠨ ᠭᠠᠵᠠᠷ ᠭᠡᠨ᠎ᠡ᠃ ᠣᠳᠣᠬᠢ ᠰᠦᠮ᠎ᠡ ᠶᠢᠨ ᠡᠮᠦᠨ᠎ᠡ ᠨᠢ ᠲᠡᠲᠡᠨ ᠤ ᠬᠡᠷᠡᠭᠯᠡᠵᠦ | ᠪᠠᠶᠢᠭᠰᠠᠨ ᠬᠤᠳᠳᠤᠭ ᠲᠤ ᠨᠢ ᠬᠦᠮᠤᠨ ᠣᠶᠢᠴᠢᠵᠤ ᠠᠳᠡᠭᠰᠡᠨ ᠠᠴᠠ ᠪᠣᠯᠵᠤ ᠳᠠᠷᠤᠵᠤ ᠬᠠᠶᠠᠭᠰᠠᠨ ᠭᠡᠨ᠎ᠡ᠃ | ᠪᠠᠳᠢᠷᠴᠢᠨ ᠯᠠᠮᠠ ᠲᠠᠩᠽᠠᠨ ᠮᠠᠶᠢᠷᠠᠨ ᠤ ᠳᠡᠭᠡᠳᠤᠰ ᠠᠴᠠ ᠰᠦᠮ᠎ᠡ ᠪᠠᠷᠢᠬᠤ ᠭᠠᠵᠠᠷ ᠭᠤᠶᠤᠴᠢᠯᠠᠭᠰᠠᠨ ᠳᠤ ᠲᠡᠷᠡ | ᠣᠭᠲᠣ ᠲᠦᠪᠡᠭᠰᠢᠶᠡᠷᠡᠯ ᠦᠭᠡᠢ ᠪᠠᠷ ᠵᠦᠪᠰᠢᠶᠡᠷᠡᠵᠤ ᠭᠡᠨ᠎ᠡ᠃ ᠮᠦᠨ ᠴᠦ ᠡᠨᠡ ᠪᠠᠳᠢᠷᠴᠢᠨ ᠯᠠᠮᠠ ᠶᠢᠨ ᠣᠯᠠᠨ | ᠠᠷᠪᠢᠨ ᠵᠢᠵᠢᠭ ᠴᠢᠯᠠᠭᠤ ᠴᠤᠭᠯᠠᠭᠤᠯᠵᠤ ᠲᠠᠯᠪᠢᠭᠰᠠᠨ ᠢ ᠦᠵᠡᠭᠡᠳ᠄ ︽ᠰᠦᠮ᠎ᠡ ᠶᠢᠨ ᠱᠠᠪᠢ ᠴᠢᠨᠢ ᠡᠳᠡᠭᠡᠷ | ᠴᠢᠯᠠᠭᠤ ᠰᠢᠭ᠋ ᠠᠷᠪᠢᠨ ᠪᠣᠯᠤᠭ︕︾ ᠭᠡᠵᠤ ᠪᠡᠯᠭᠡᠳᠤᠭ᠍ᠰᠡᠨ ᠭᠡᠨ᠎ᠡ᠃ ᠴᠢᠩᠬᠢᠭᠡᠳ ᠵᠢᠵᠢᠭ ᠴᠢᠯᠠᠭᠤ ᠶᠢ ᠨᠢ | ᠳᠣᠭᠠᠯᠠᠵᠤ ᠦᠵᠡᠬᠦ ᠳᠤ ᠮᠢᠩᠭ᠎ᠠ ᠬᠦᠷᠦᠭᠰᠡᠨ ᠪᠦᠭᠡᠳ ᠬᠤᠵᠢᠮ ᠨᠢ ᠣᠯᠠᠭᠠᠨ ᠬᠠᠭᠠᠯᠭ᠎ᠠ ᠰᠦᠮ᠎ᠡ ᠶᠢᠨ ᠯᠠᠮᠠ ᠶᠢᠨ | ᠲᠤᠭ᠎ᠠ ᠮᠢᠩᠭ᠎ᠠ ᠬᠦᠷᠦᠯ᠎ᠡ ᠭᠡᠬᠦ ᠶᠤᠮ᠃③ ᠣᠯᠠᠭᠠᠨ ᠬᠠᠭᠠᠯᠭ᠎ᠠ ᠰᠦᠮ᠎ᠡ ᠶᠢᠨ ᠬᠤᠶᠢᠲᠦ ᠳᠡᠭᠡᠷ᠎ᠡ ᠨᠢᠭᠡᠨ ᠭᠦᠨ | ᠴᠦᠩᠭᠦᠷᠢᠭ ᠪᠠᠶᠢᠬᠤ ᠪᠦᠭᠡᠳ ᠣᠯᠠᠭᠠᠨ ᠪᠣᠷᠭᠠᠰᠦ ᠳᠦᠭᠦᠷᠲᠡᠯ᠎ᠡ ᠤᠷᠭᠤᠵᠤ᠂ ᠠᠯᠤᠰ ᠠᠴᠠ ᠬᠠᠷᠠᠬᠤ ᠳᠤ ᠬᠠᠭᠠᠯᠭ᠎ᠠ | ᠠᠳᠠᠯᠢ ᠬᠠᠷᠠᠭᠳᠠᠬᠤ ᠪᠣᠯᠬᠤᠷ ︽ᠤᠯᠠᠭᠠᠨ ᠬᠠᠭᠠᠯᠭ᠎ᠠ︾ ᠭᠡᠬᠦ ᠨᠡᠷ᠎ᠡ ᠪᠣᠢ ᠪᠣᠯᠵᠤ ᠭᠡᠨ᠎ᠡ᠃④ ᠣᠯᠠᠭᠠᠨ ᠬᠠᠭᠠᠯᠭ᠎ᠠ | ᠰᠦᠮ᠎ᠡ ᠶᠢᠨ ᠳᠦᠷᠪᠡᠨ ᠲᠠᠯ᠎ᠠ ᠳᠤ ᠨᠢ ᠪᠦᠷ ᠰᠣᠪᠤᠷᠭ᠎ᠠ ᠲᠠᠢ ᠪᠠᠶᠢᠪᠠ᠃ ᠪᠠᠷᠠᠭᠤᠨ ᠬᠤᠶᠢᠲᠦ ᠰᠣᠪᠤᠷᠭ᠎ᠠ ᠨᠢ ᠭᠠᠯ ᠢ | ᠰᠡᠷᠭᠡᠶᠢᠯᠡᠵᠤ᠂ ᠪᠠᠷᠠᠭᠤᠨ ᠡᠮᠤᠨᠡᠬᠢ ᠰᠣᠪᠤᠷᠭ᠎ᠠ ᠨᠢ ᠤᠰᠤ ᠶᠢ ᠬᠤᠷᠢᠵᠤ᠂ ᠵᠡᠭᠦᠨ ᠡᠮᠤᠨᠡᠬᠢ ᠰᠤᠪᠤᠷᠭ᠎ᠠ ᠨᠢ | ᠡᠪᠡᠳᠴᠢᠨ ᠬᠢᠵᠢᠭ ︵ᠭᠠᠯᠵᠠᠭᠤ︶ ᠢ ᠰᠡᠷᠭᠡᠶᠢᠯᠡᠵᠤ᠂ ︵ᠳᠦᠷᠪᠡᠨ ᠲᠠᠯ᠎ᠠ ᠨᠢ ᠭᠦᠨᠳᠡᠢ ᠲᠤᠯᠭᠠᠭᠤᠷᠢᠯᠠᠨ ᠪᠠᠷᠢᠭᠰᠠᠨ | ᠰᠣᠪᠤᠷᠭ᠎ᠠ ᠪᠦᠭᠡᠳ ᠮᠣᠷᠢ ᠲᠠᠢ ᠬᠦᠮᠤᠨ᠂ ᠲᠡᠷᠭᠡ ᠤᠨᠤᠭ᠎ᠠ ᠲᠤᠤᠭᠤᠷ ᠨᠢ ᠤᠷᠦᠵᠤ ᠭᠠᠷᠴᠦ ᠪᠣᠯᠳᠠᠭ︶ ᠵᠡᠭᠦᠨ | ᠬᠤᠶᠢᠨᠡᠬᠢ ᠰᠣᠪᠤᠷᠭ᠎ᠠ ᠨᠢ ᠴᠢᠳᠬᠦᠷ ᠤᠨ ᠳᠠᠷᠤᠯᠭ᠎ᠠ ᠭᠡᠳᠡᠭ᠃ ᠡᠳᠡᠭᠡᠷ ᠰᠣᠪᠤᠷᠭ᠎ᠠ ᠨᠢ ᠪᠣᠰᠤᠳ ᠰᠦᠮ᠎ᠡ ᠶᠢᠨ | ᠰᠣᠪᠤᠷᠭ᠎ᠠ ᠤᠳ ᠢ ᠪᠣᠳᠣᠪᠠᠯ ᠪᠦᠳᠤᠭᠦᠨ ᠪᠦᠭᠡᠳ ᠲᠤᠩ ᠰᠦᠷᠯᠢᠭ ᠰᠠᠶᠢᠬᠠᠨ ᠶᠤᠮ᠃ |