ᠢᠰᠡᠭᠡᠢ ᠬᠢᠬᠦ
ᠨᠡᠶᠢᠲᠡᠯᠡᠭᠰᠡᠨ ᠴᠠᠭ᠄
2018/8/3
              ᠢᠰᠡᠭᠡᠢ ᠬᠢᠬᠦ    ᠦᠵᠦᠮᠦᠴᠢᠨ ᠳᠤ ᠢᠰᠡᠭᠡᠢ ᠶᠢ ᠲᠠᠪᠤᠨ ᠰᠠᠷ᠎ᠠ ︵ᠵᠣᠨ ᠤ ᠳᠤᠮᠳᠠ ᠰᠠᠷ᠎ᠠ︶ ᠶᠢᠨ ᠰᠡᠭᠦᠯ ᠳᠤ ᠬᠢᠳᠡᠭ᠃ 3-5 ᠬᠤᠨᠤᠭ ᠬᠡᠷᠡᠭᠯᠡᠨ᠎ᠡ᠃ ᠡᠨᠡ ᠬᠤᠭᠤᠴᠠᠭ᠎ᠠ ᠪᠣᠯ ᠢᠰᠡᠭᠡᠢ ᠬᠢᠬᠦ ᠬᠠᠮᠤᠭ ᠤᠨ ᠲᠤᠬᠢᠷᠠᠮᠵᠢᠳᠠᠢ ᠴᠠᠭ ᠬᠤᠭᠤᠴᠠᠭ᠎ᠠ ᠮᠦᠨ᠃ ᠡᠨᠡ ᠦᠶ᠎ᠡ ᠳᠤ ᠠᠬᠠᠷ᠂ ᠬᠤᠷᠠᠭ᠎ᠠ᠂ ᠤᠷᠳᠤ ᠶᠢᠨ ᠤᠩᠭᠠᠰᠤ ᠪᠦᠷᠢ ᠪᠦᠷᠢᠳᠦᠨ ᠢᠰᠡᠭᠡᠢ ᠬᠢᠬᠦ ᠳᠦᠭᠦᠬᠡᠢ ᠡᠳ᠋ ᠭᠦᠢᠴᠡᠳ ᠪᠤᠯᠳᠠᠭ᠃ ᠲᠦᠯ ᠲᠤᠰᠴᠦ ᠭᠠᠷᠤᠯᠳᠠ ᠬᠤᠷᠢᠶᠠᠬᠤ ᠠᠵᠢᠯ ᠳᠡᠭᠦᠰᠴᠦ᠂ ᠬᠦᠮᠦᠰ ᠵᠠᠪ ᠵᠠᠢ ᠲᠠᠢ ᠳᠡᠨᠢᠬᠦᠨ ᠴᠠᠭ᠃ ᠤᠯᠠᠷᠢᠯ ᠰᠠᠶᠢᠬᠠᠨ᠂ ᠡᠳᠦᠷ ᠬᠠᠯᠠᠭᠤᠨ ᠢᠰᠡᠭᠡᠢ ᠤᠩᠭᠠᠰᠤ ᠨᠠᠶᠢᠯᠡᠮᠵᠢ ᠰᠠᠶᠢᠨ᠂ ᠤᠨᠴᠠᠭᠠᠶᠢᠯᠠᠨ ᠰᠦ ᠴᠠᠭᠠᠨ ᠢᠳᠡᠭᠡ ᠭᠦᠢᠴᠡᠳ᠂ ᠦᠷᠦᠮ᠎ᠡ ᠵᠦᠭᠡᠭᠡᠢ ᠡᠯᠪᠡᠭ ᠮᠠᠯ ᠲᠠᠷᠭᠤᠯᠠᠵᠦ ︽ᠢᠰᠡᠭᠡᠢ ᠶᠢᠨ ᠴᠠᠪ︾ ᠭᠡᠵᠦ ᠮᠠᠯ ᠪᠠᠵᠠᠭᠠᠵᠦ ᠳᠦᠭᠦᠷᠦᠬᠦ ᠳᠤ ᠲᠤᠬᠢᠳᠠᠢ᠃ ᠠᠳᠤᠭᠤ ᠤᠰᠤᠨ ᠲᠠᠷᠭᠤ ᠠᠪᠴᠦ᠂ ᠳᠤᠰᠤᠨ ᠲᠠᠷᠭᠤ ᠰᠠᠭᠤᠭᠠᠳᠤᠢ᠂ ᠢᠰᠡᠭᠡᠢ ᠲᠠᠲᠠᠬᠤ ᠳᠤ ᠤᠨᠤᠯᠭ᠎ᠠ ᠤᠨᠤᠰᠢ ᠳᠤ ᠲᠤᠶᠢᠯ ᠤᠨ ᠠᠰᠢᠭᠳᠠᠢ᠃ ᠡᠶᠢᠮᠦ ᠠᠴᠠ ︽ᠲᠠᠪᠤᠨ ᠰᠠᠷ᠎ᠠ︾ ᠢᠰᠡᠭᠡᠢ ᠬᠢᠬᠦ ᠦᠢᠯᠡᠳᠪᠤᠷᠢᠯᠡᠯ ᠤᠨ ᠵᠠᠩᠭᠢᠯᠠᠭ᠎ᠠ ᠶᠢᠨ ᠴᠠᠭ ᠮᠦᠴᠡ ᠪᠠᠶᠢᠵᠦ᠂ ᠨᠤᠮᠢᠨ ᠨᠤᠭᠤᠭᠠᠨ ᠲᠠᠯ᠎ᠠ ᠳᠡᠭᠡᠷ᠎ᠡ ᠮᠦᠩᠭᠦᠨ ᠴᠠᠭᠠᠨ ᠢᠰᠡᠭᠡᠢ ᠮᠡᠨᠳᠦᠯᠡᠳᠡᠭ᠃    ᠢᠰᠡᠭᠡᠢ ᠬᠢᠵᠦ ᠦᠢᠯᠡᠳᠪᠤᠷᠢᠯᠡᠬᠦ ᠳᠤ ᠦᠵᠦᠮᠦᠴᠢᠨ ᠤ ᠠᠶᠢᠯ ᠡᠷᠦᠬᠡ ᠨᠢᠭᠡᠪᠦᠷᠢ ᠬᠤᠲᠠ ᠤᠰᠤ᠂ ᠭᠤᠣᠯ ᠬᠤᠳᠤᠭᠤᠷ ᠢᠶᠠᠷ ᠢᠶᠠᠨ ᠪᠦᠯᠦᠭ ᠪᠦᠯᠦᠭ ᠢᠶᠠᠷ ᠨᠢᠭᠡᠴᠢᠯᠡᠵᠦ᠂ ᠭᠠᠵᠠᠷ ᠪᠤᠯᠭᠠᠨ ᠬᠦᠮᠦᠨ ᠪᠦᠭᠦᠳᠡ ᠨᠢᠭᠡᠯᠡ ᠴᠠᠭ ᠲᠤ ᠨᠡᠶᠢᠳᠡᠮ ᠳᠡᠭᠡᠨ ᠬᠦᠳᠡᠯᠦᠯᠴᠡᠳᠡᠭ᠃ ᠡᠮᠡᠭᠳᠡᠶᠢᠴᠦᠳ ᠪᠣᠯ ︽ᠵᠤᠯᠭᠠᠴᠢᠨ︾᠂ ᠡᠷᠡᠭᠳᠡᠶᠢᠴᠦᠳ ᠪᠣᠯ ︽ᠲᠠᠳᠠᠭᠠᠴᠢᠨ ︾ ᠪᠠᠶᠢᠳᠠᠭ᠃ ᠬᠡᠪᠴᠢᠶ᠎ᠡ ᠨᠢ ᠦᠷᠭᠡᠨ ᠠᠵᠢᠯ ᠡᠷᠦᠬᠡ ᠪᠦᠷ ᠤᠷᠤᠯᠴᠠᠨ᠎ᠠ᠃ ᠬᠠᠮᠤᠭ ᠶᠠᠳᠠᠭᠤ ᠡᠷᠦᠬᠡ ᠨᠢ ᠪᠠᠰᠠ 1 ᠢᠰᠡᠭᠡᠢ ᠬᠢᠳᠡᠭ᠃ ᠤᠯᠠᠩᠬᠢ ᠨᠢ 3 - 4 ᠢᠰᠡᠭᠡᠢ᠂ ᠨᠡᠯᠢᠶᠡᠳ ᠴᠢᠨᠡᠭᠡᠯᠢᠭ ᠨᠢ 5 - 7 ᠢᠰᠡᠭᠡᠢ ᠤᠨᠴᠠᠭᠠᠢ ᠪᠠᠶᠠᠯᠢᠭ ᠡᠷᠦᠬᠡ ᠨᠢ 10 ᠠᠴᠠ ᠳᠡᠭᠡᠭᠰᠢ ᠢᠰᠡᠭᠡᠢ ᠬᠢᠳᠡᠭ᠃     ᠳᠡᠤᠬᠡᠨ ᠳᠡᠭᠡᠷ᠎ᠡ ᠦᠵᠦᠮᠦᠴᠢᠨ ᠤ ᠭᠠᠷ ᠦᠢᠯᠡᠳᠪᠤᠷᠢ ᠶᠢᠨ ᠦᠢᠯᠡᠳᠭᠦᠨ ᠢᠰᠡᠭᠡᠢ ᠶᠢᠨ ᠬᠡᠷᠡᠭᠴᠡᠭᠡ ᠲᠤᠶᠢᠯ ᠤᠨ ᠦᠷᠭᠡᠨ ᠪᠠᠶᠢᠵᠠᠢ᠃ ᠢᠰᠡᠭᠡᠢ ᠪᠠᠷ ᠲᠠᠲᠠ ᠮᠤᠩᠭᠤᠯ ᠭᠡᠷ ᠢ ᠥᠪᠴᠢ ᠪᠦᠷᠢᠶᠡᠰᠦᠯᠡᠨ᠎ᠡ᠃ ᠭᠡᠷ ᠤᠨ ᠳᠤᠳᠤᠷᠠᠬᠢ ᠰᠢᠷᠲᠡᠭ ᠳᠡᠪᠢᠰᠭᠡᠷ ᠢ ᠬᠡᠳᠦᠨ ᠳᠠᠪᠬᠤᠷ ᠢᠶᠠᠷ ᠨᠢ ᠥᠪᠴᠢ ᠪᠠᠷ ᠨᠢ ᠤᠶᠤᠨ᠎ᠠ᠃ ᠬᠠᠮ ᠲᠡᠷᠭᠡ ᠠᠪᠳᠠᠷ᠎ᠠ ᠲᠡᠷᠭᠡ ᠶᠢᠨ ᠪᠦᠷᠢᠶᠡᠰᠦ ᠬᠢᠨ᠎ᠡ᠃ ᠤᠶᠢᠮᠠᠰᠤ ᠤᠶᠤᠬᠤ᠂ ᠲᠠᠬᠤ ᠬᠢᠬᠦ᠂ ᠡᠮᠡᠭᠡᠯ ᠤᠨ ᠬᠦᠯᠢᠮ ᠲᠤᠬᠤᠮ ᠡᠰᠬᠡᠬᠦ᠂ ᠲᠡᠮᠡᠭᠡᠨ ᠲᠤᠬᠤᠰᠢ ᠬᠤᠮ᠂ ᠪᠠᠮᠪᠠᠢ ᠪᠡᠯᠡᠳᠬᠡᠬᠦ᠂ ᠬᠤᠷᠠᠭᠠᠨ ᠣᠭᠤᠲᠠ ᠰᠢᠷᠢᠬᠦ ᠵᠡᠷᠭᠡ ᠠᠮᠢᠳᠤᠷᠠᠯ ᠤᠨ ᠬᠡᠷᠡᠭᠰᠡᠯ ᠦᠢᠯᠡᠳᠪᠦᠷᠢᠯᠡᠯ ᠤᠨ ᠬᠡᠷᠡᠭᠰᠡᠯ ᠳᠤ ᠪᠦᠷ ᠬᠤᠣᠰ ᠬᠡᠷᠡᠭᠴᠡᠭᠡ ᠲᠠᠢ ᠪᠠᠶᠢᠵᠠᠢ᠃     ᠦᠵᠦᠮᠦᠴᠢᠨ ᠤ ᠢᠰᠡᠭᠡᠢ ᠬᠢᠬᠦ ᠦᠢᠯᠡᠳᠪᠤᠷᠢᠯᠡᠯ ᠪᠣᠯ ᠲᠤᠭᠳᠠᠭᠰᠠᠨ ᠴᠠᠭ ᠲᠠᠢ᠂ ᠲᠤᠭᠳᠠᠭᠰᠠᠨ ᠠᠷᠭ᠎ᠠ ᠪᠠᠷᠢᠯ ᠲᠠᠢ᠂ ᠬᠦᠳᠡᠯᠮᠦᠷᠢ ᠬᠦᠴᠦᠨ ᠤ ᠠᠵᠢᠯ ᠤᠨ ᠨᠠᠷᠢᠨ ᠬᠤᠪᠢᠶᠠᠷᠢ ᠲᠠᠠᠢ᠂ ᠬᠢᠬᠦ ᠴᠠᠭ ᠣᠬᠤᠷ᠂ ᠪᠦᠳᠦᠭᠡᠭᠳᠡᠬᠦᠨ ᠤ ᠳᠤᠭ᠎ᠠ ᠠᠷᠪᠢᠨ᠂ ᠶᠠᠰᠤ ᠴᠢᠨᠠᠷ ᠰᠠᠶᠢᠨ᠂ ᠦᠷ᠎ᠡ ᠠᠰᠢᠭ ᠦᠨᠳᠦᠷ ᠨᠡᠶᠢᠭᠡᠮᠴᠢᠯᠡᠭᠰᠡᠨ ᠬᠡᠪᠴᠢᠶ᠎ᠡ  ᠨᠢ ᠶᠡᠭᠡ ᠲᠤᠮᠤ ᠬᠡᠮᠵᠢᠶᠡᠨ ᠤ ᠭᠠᠷ ᠦᠢᠯᠡᠳᠪᠤᠷᠢ ᠪᠠᠶᠢᠳᠠᠭ᠃ ᠨᠡᠩ ᠴᠤ ᠮᠣᠷᠢ ᠶᠢ ᠢᠰᠡᠭᠡᠢ ᠬᠢᠬᠦ ᠦᠢᠯᠡᠳᠪᠦᠷᠢᠯᠡᠯ ᠳᠤ ᠬᠡᠷᠡᠭᠯᠡᠵᠦ ︽ᠮᠣᠷᠢᠨ ᠢᠰᠡᠭᠡᠢ ᠬᠢᠬᠦ︾ ᠪᠤᠯᠤᠭᠰᠠᠨ ᠨᠢ ᠮᠠᠯᠵᠢᠬᠤ ᠦᠢᠯᠡᠳᠪᠦᠷᠢᠯᠡᠯ ᠤᠨ ᠬᠦᠴᠦᠨ ᠤ ᠶᠡᠭᠡ ᠴᠢᠯᠦᠭᠡᠯᠡᠯᠳᠡ ᠮᠦᠨ᠃ ᠢᠰᠡᠭᠡᠢ ᠬᠢᠬᠦ ᠶᠢ ᠬᠠᠭᠠᠰ ︽ᠮᠠᠰᠢᠨᠴᠢᠯᠠᠭᠰᠠᠨ︾ ᠦᠢᠯᠡᠳᠦᠯ ᠭᠠᠷᠭᠠᠵᠦ ᠤᠯᠠᠮᠵᠢᠯᠠᠯᠳᠤ ᠢᠰᠡᠭᠡᠢ ᠬᠢᠬᠦ ᠭᠠᠷ ᠦᠢᠯᠡᠳᠪᠦᠷᠢ ᠶᠢ ᠶᠡᠬᠡᠪᠡᠷ ᠬᠦᠭᠵᠢᠭᠦᠯᠵᠠᠢ᠃ ᠡᠨᠡ ᠨᠢ ᠦᠵᠦᠮᠦᠴᠢᠨ ᠤ ᠤᠩᠭᠠᠰᠤ ᠨᠤᠤᠰᠤ ᠪᠤᠯᠪᠠᠰᠤᠷᠠᠭᠤᠯᠬᠤ ᠦᠢᠯᠡᠳᠪᠤᠷᠢ ᠶᠡᠬᠡᠪᠡᠷ ᠬᠦᠭᠵᠢᠵᠦ ᠢᠷᠡᠭᠰᠡᠨ ᠢ ᠦᠵᠡᠬᠦᠯᠵᠦ᠂ ᠲᠡᠳᠡᠨ ᠤ ᠭᠠᠷ ᠦᠢᠯᠡᠳᠪᠤᠷᠢ ᠶᠢᠨ ᠴᠢᠬᠤᠯᠠ ᠪᠦᠷᠢᠯᠳᠦᠭᠦᠨ ᠭᠡᠰᠡᠭ ᠮᠦᠨ ᠪᠣᠯᠬᠤ ᠶᠢ ᠬᠠᠷᠠᠭᠤᠯᠵᠠᠢ᠃
 
ᠢᠷᠡᠯᠲᠡ᠄ ᠦᠵᠦᠮᠦᠴᠢᠨ ᠠᠶᠢᠮᠠᠭ ᠭᠣ᠂ ᠷᠠᠭᠸ᠎ᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号