ᠪᠤᠯᠠᠭ ᠬᠠᠨ ᠠᠭᠤᠯᠠ ᠶᠢᠨ ᠰᠡᠨᠵᠢ ᠬᠠᠳᠠ | | | ᠦᠵᠡᠰᠬᠦᠯᠡᠩ ᠢᠶᠠᠨ ᠭᠠᠶᠢᠬᠠᠭᠤᠯᠤᠭᠰᠠᠨ ᠦᠵᠦᠮᠦᠴᠢᠨ ᠨᠤᠲᠤᠭ ᠭᠡᠵᠦ ᠦᠨᠡᠬᠡᠷ ᠨᠢᠭᠡ ᠦᠨᠢᠷ ᠰᠠᠶᠢᠬᠠᠨ | ᠪᠠᠶᠢᠭᠠᠯᠢ ᠶᠢᠨ ᠴᠡᠴᠡᠷᠯᠢᠭ ᠪᠠᠶᠢᠳᠠᠭ ᠰᠠᠨ᠃ ᠳᠡᠨᠲᠡ ᠤᠯᠠᠨ ᠠᠷᠪᠢᠨ ᠤᠶᠢᠯᠠᠭᠠᠭᠳᠠᠰᠢ ᠦᠭᠡᠢ ᠡᠬᠡ ᠪᠠᠶᠢᠭᠠᠯᠢ ᠶᠢᠨ | ᠡᠯᠳᠡᠪ ᠭᠠᠶᠢᠬᠠᠮᠰᠢᠭ ᠲᠠᠢ ᠶᠤᠮ᠃ ᠪᠤᠯᠠᠭ ᠬᠠᠨ ᠠᠭᠤᠯᠠ ᠶᠢᠨ ᠰᠡᠨᠵᠢ ᠬᠠᠳᠠ ᠳᠡᠭᠦᠨ ᠤ ᠳᠤᠳᠤᠷᠠᠬᠢ ᠨᠢᠭᠡ ᠪᠢᠯᠡ᠃ | | ᠡᠨᠡ ᠰᠤᠨᠢᠨ ᠰᠢᠳᠡᠳᠤ ᠬᠠᠳᠠ — ᠪᠠᠷᠠᠭᠤᠨ ᠦᠵᠦᠮᠦᠴᠢᠨ ᠬᠤᠰᠢᠭᠤᠨ ᠤ ᠬᠠᠨ ᠠᠭᠤᠯᠠ ᠰᠤᠮᠤᠨ ᠤ | ᠨᠤᠲᠤᠭ ᠲᠠᠬᠢ ︽ᠪᠤᠯᠠᠭ ᠬᠠᠨ ᠠᠭᠤᠯᠠ︾ ᠶᠢᠨ ᠪᠠᠷᠠᠭᠤᠨ ᠮᠦᠷᠦᠨ ᠳᠤ ᠬᠢᠷᠠᠯᠠᠭᠰᠠᠨ ᠦᠨᠳᠦᠷ ᠲᠠᠯᠠᠩ | ᠬᠠᠳᠠᠨ ᠳᠤ ᠤᠩᠭᠤᠶᠢᠵᠦ ᠪᠠᠶᠢᠳᠠᠭ᠃ ᠳᠡᠭᠦᠨ ᠤ ᠰᠡᠨᠵᠢ ᠪᠠᠷ ᠠᠰ ᠬᠤᠶᠢᠨ᠎ᠠ ᠠᠴᠠ ᠨᠢ ᠠᠯᠤᠰ ᠲᠡᠷᠳᠡᠭᠡ ᠶᠢ | ᠰᠢᠷᠳᠡᠪᠡᠰᠤ ᠡᠮᠦᠨᠡᠳᠤ ᠳᠡᠭᠷᠢ ᠶᠢᠨ ᠬᠠᠶᠠᠭ᠎ᠠ ᠴᠡᠩᠭᠡᠷᠯᠡᠭᠡᠳ᠂ ᠬᠦᠪᠦᠩ ᠡᠭᠦᠯᠡ ᠬᠦᠪᠦᠯᠵᠡᠨ ᠠᠰᠤᠷᠤ ᠭᠤᠶᠤ | ᠬᠠᠷᠠᠭᠳᠠᠳᠠᠭ᠃ ᠰᠡᠨᠵᠢ ᠬᠠᠳᠠ ᠡᠷᠲᠡᠨ ᠠᠴᠠ ᠠᠪᠤᠭᠠᠳ ᠡᠳᠦᠭᠡ ᠪᠤᠯᠳᠠᠯ᠎ᠠ ᠪᠠᠶᠢᠭᠠᠯᠢ ᠪᠠᠷ ︽ᠭᠠᠯᠵᠠᠭᠤ ᠡᠪᠡᠳᠴᠢᠨ | ︾ ᠢ ᠵᠠᠰᠠᠬᠤ ᠡᠮᠨᠡᠯᠭᠡ ᠶᠢᠨ ᠤᠷᠤᠨ ᠪᠤᠯᠤᠭᠰᠠᠭᠠᠷ ᠢᠷᠡᠵᠡᠢ᠃ ᠰᠡᠨᠵᠢ ᠬᠠᠳᠠᠨ ᠤ ᠤᠶᠢᠷ᠎ᠠ ᠤᠷᠴᠢᠮ ᠡᠷᠬᠢᠨ | ᠳᠤᠭᠤᠷᠢᠨ ᠤ ᠬᠡᠳᠦᠨ ᠬᠤᠰᠢᠭᠤᠨ ᠳᠤ ︽ᠭᠠᠯᠵᠠᠭᠤ ᠡᠪᠡᠳᠴᠢᠨ︾ ᠢᠯᠡᠷᠡᠪᠡᠯ ᠬᠦᠮᠦᠰ᠂ ᠬᠦᠮᠦᠨ ᠮᠠᠯ ᠢᠶᠠᠨ | ᠠᠪᠴᠢᠷᠠᠵᠦ ᠨᠢᠭᠡ ᠨᠢᠭᠡ ᠪᠠᠷ ᠰᠢᠷᠭᠤᠭᠤᠯᠵᠦ᠂ ︽ᠭᠠᠯᠵᠠᠭᠤ ᠡᠪᠡᠳᠴᠢᠨ︾ ᠬᠠᠯᠳᠠᠪᠤᠷᠢᠯᠠᠨ ᠲᠠᠷᠬᠠᠬᠤ ᠶᠢ | ᠰᠡᠷᠭᠡᠶᠢᠯᠡᠳᠡᠭ ᠶᠤᠮ᠃ ᠡᠨᠡ ᠬᠦ ᠬᠤᠪᠢᠯᠭᠠᠨ ᠬᠠᠳᠠᠨ ᠤ ᠲᠤᠬᠠᠢ ᠠᠳᠡᠬᠢ ᠶᠢᠨ ᠬᠦᠮᠦᠰ ᠤᠨ ᠬᠡᠯᠡᠬᠦ ᠪᠠᠷ᠄ ︽ᠳᠡᠮᠡᠭᠡ | ᠬᠠᠮᠢᠶ᠎ᠠ ᠰᠢᠷᠭᠤᠵᠦ ᠪᠠᠭᠲᠠᠳᠠᠭ ᠬᠠᠳᠠᠨ ᠳᠤ ᠵᠠᠷᠢᠮ ᠳᠠᠭᠠᠨ ᠪᠢᠷᠠᠭᠤ ᠲᠤᠭᠤᠯ᠂ ᠬᠤᠨᠢ ᠢᠮᠠᠭ᠎ᠠ ᠴᠦ ᠰᠢᠷᠭᠤᠵᠤ | ᠳᠡᠶᠢᠯᠬᠦ ᠦᠭᠡᠢ ᠪᠤᠯᠳᠠᠭ᠃ ᠰᠢᠷᠭᠤᠵᠦ ᠭᠠᠷᠤᠭᠰᠠᠨ ᠮᠠᠯ ᠳᠤ ᠭᠠᠯᠵᠠᠭᠤ ᠡᠪᠡᠳᠴᠢᠨ ᠳᠤᠰᠬᠤ ᠶᠤᠰᠤ ᠦᠭᠡᠢ᠃ | ᠭᠡᠳᠡᠯ᠎ᠡ ᠰᠢᠷᠭᠤᠵᠦ ᠳᠡᠶᠢᠯᠬᠦ ᠦᠭᠡᠢ ᠠᠮᠢᠳᠠᠨ ᠳᠤ ᠳᠡᠮᠡᠢ ᠤᠳᠠᠬᠤ ᠦᠭᠡᠢ ᠭᠠᠯᠵᠠᠭᠤ ᠡᠪᠡᠳᠴᠢᠨ ᠲᠤᠰᠳᠠᠭ᠂ ᠡᠶᠢᠮᠦ | ᠵᠢᠱᠢᠶ᠎ᠡ ᠠᠷᠪᠢᠨ ᠭᠠᠷᠴᠠᠢ︾ ᠭᠡᠳᠡᠭ᠃ ᠳᠡᠲᠡ ᠪᠠᠰᠠ ᠰᠡᠨᠵᠢ ᠬᠠᠳᠠ ᠶᠢᠨ ᠪᠦᠳᠦᠴᠡ ᠶᠢᠨ ᠲᠤᠬᠠᠢ ᠲᠤᠩ ᠰᠠᠶᠢᠬᠠᠨ | ᠲᠤᠮᠤᠭᠯᠠᠳᠠᠭ᠃ ︽ᠡᠷᠲᠡ ᠤᠷᠢᠳᠤ ᠶᠢᠨ ᠴᠠᠭ ᠲᠤ ᠭᠤᠷᠤᠬᠠᠨ ᠬᠠᠨ ᠠᠭᠤᠯᠠ ᠶᠢᠨ ᠤᠷᠤᠢ ᠳᠡᠭᠡᠷ᠎ᠡ ᠠᠴᠠ ᠭᠡᠰᠡᠷ | ᠪᠣᠭᠳᠠ ᠨᠤᠮᠤ ᠰᠤᠮᠤ ᠪᠠᠷ ᠬᠠᠷᠪᠤᠭᠰᠠᠨ ᠳᠤ ᠰᠡᠨᠵᠢ ᠬᠠᠳᠠ ᠶᠢ ᠰᠡᠨᠵᠢᠯᠡᠭᠡᠳ᠂ ᠪᠠᠭᠠᠷᠢᠨ ᠵᠡᠭᠦᠨ ᠬᠤᠰᠢᠭᠤᠨ ᠤ | ᠢᠮᠠᠭᠠᠳᠤ ᠶᠢᠨ ᠤᠷᠤᠢ ᠶᠢ ᠰᠡᠳᠡᠯᠵᠦ ᠯᠢᠨᠳᠦᠩ ᠤᠨ ᠡᠮᠦᠨ᠎ᠡ ᠭᠢᠯᠪᠠᠷ ᠵᠣᠣ ᠳᠤ ᠰᠤᠮᠤ ᠨᠢ ᠳᠤᠰᠤᠯ᠎ᠠ︾ ᠭᠡᠳᠡᠭ᠃ | ︽ᠰᠡᠨᠵᠢ ᠬᠠᠳᠠᠨ︾ ᠤ ᠨᠢᠭᠤᠴᠠ ᠷᠢᠳᠢ ᠰᠢᠳᠢ ᠶᠢ ᠬᠦᠮᠦᠰ ᠤᠳᠤ ᠪᠤᠯᠲᠠᠯ᠎ᠠ ᠤᠶᠢᠯᠠᠭᠠᠭᠠ ᠦᠭᠡᠢ᠂ | ᠴᠤᠬᠤᠮ ︽ᠭᠡᠰᠡᠷ ᠤᠨ ᠰᠤᠮᠤᠨ ᠤ ᠷᠢᠳᠢ ᠤᠤ︖︾᠂ ︽ᠭᠡᠳᠡᠰᠤ ᠬᠡᠪᠡᠯᠢ ᠳᠡᠭᠡᠨ ᠡᠮ ᠲᠠᠢ ᠤᠤ︖︾ | ᠰᠢᠨᠵᠢᠯᠡᠬᠦ ᠤᠬᠠᠭᠠᠨ ᠳᠡᠭᠦᠨ ᠢ ᠰᠢᠨᠵᠢᠵᠦ ᠬᠡᠳᠦᠢ ᠳᠤ ᠳᠤᠳᠤᠯᠠᠬᠤ ᠪᠣᠯ︕ |