ᠢᠨᠵᠠᠭᠠᠨ ᠳᠤᠮᠤᠭ
ᠨᠡᠶᠢᠲᠡᠯᠡᠭᠰᠡᠨ ᠴᠠᠭ᠄
2018/8/16
                          ᠢᠨᠵᠠᠭᠠᠨ ᠳᠤᠮᠤᠭ      ᠢᠨᠵᠠᠭᠠᠨ ᠭᠡᠰᠡᠨ ᠨᠡᠷ᠎ᠡ ᠳᠡᠤᠬᠡᠨ ᠳᠤ ᠮᠡᠨᠳᠦᠯᠡᠭᠰᠡᠨ ᠨᠢ ᠢᠷᠠᠭᠤ ᠰᠠᠶᠢᠬᠠᠨ ᠦᠯᠢᠭᠡᠷ ᠲᠠᠢ ᠶᠤᠮ᠃ ᠢᠨᠵᠠᠭᠠᠨ — ᠤᠭ ᠤᠨ ᠰᠢᠯᠢ ᠶᠢᠨ ᠭᠤᠣᠯ ᠤᠨ ᠴᠢᠭᠤᠯᠭᠠᠨ ᠤ ︽ᠪᠤᠷᠤᠰ︾ ᠭᠡᠳᠦᠨ ᠰᠤᠮᠤᠨ ᠤ ᠶᠡᠷᠤᠩᠬᠡᠶᠢᠯᠡᠭᠰᠡᠨ ᠭᠠᠵᠠᠷ ᠤᠨ ᠨᠡᠷ᠎ᠡ ᠪᠤᠯᠤᠨ᠎ᠠ᠃ ᠤᠳᠤᠬᠢ ᠬᠠᠨ ᠠᠭᠤᠯᠠ ᠰᠤᠮᠤᠨ ᠤ ᠵᠢᠭᠠᠰᠤᠳᠠᠢ᠂ ᠪᠤᠯᠠᠭ᠂ ᠬᠤᠵᠢᠷ ᠭᠤᠷᠪᠠᠨ ᠰᠠᠯᠠᠭᠠᠨ ᠤ ᠡᠪᠦᠭᠡᠳ᠂ ᠠᠶᠢᠪᠢᠳ᠋ ᠭᠡᠳᠡᠭ ᠲᠠᠶᠢᠵᠢ ᠳᠦᠷᠦᠭᠦᠳᠡᠢ ᠨᠢᠭᠡ ᠪᠦᠯᠦᠭ ᠬᠦᠮᠦᠨ250 ᠭᠠᠷᠤᠢ ᠵᠢᠯ ᠤᠨ ᠡᠮᠦᠨ᠎ᠡ ᠭᠠᠳᠠᠷ ᠤᠷᠤᠨ ᠠᠴᠠ ᠰᠤᠶᠤᠯ ᠨᠣᠮ ᠤᠷᠤᠭᠤᠯᠬᠤ ᠶᠢ ᠵᠣᠷᠢᠵᠦ᠂ ᠤᠳᠤ ᠶᠢᠨ ᠴᠧᠩᠳᠧ ᠬᠤᠲᠠ ᠠᠴᠠ ᠭᠠᠨᠵᠤᠤᠷ ᠵᠠᠯᠠᠬᠤ ᠪᠠᠷ ᠶᠠᠪᠤᠵᠦ ᠭᠡᠨ᠎ᠡ᠃  ᠲᠡᠳᠡ ᠠᠶᠢᠯ ᠠᠶᠢᠮᠠᠭ ᠤᠨ ᠢᠶᠠᠨ ᠨᠠᠶᠢᠳᠠᠯᠭ᠎ᠠ ᠬᠦᠰᠡᠯ᠂ ᠠᠯᠪᠠ ᠡᠭᠦᠷᠬᠡ ᠶᠢ ᠰᠦᠰᠦᠭᠯᠡᠨ ᠭᠦᠢᠴᠡᠳᠬᠡᠵᠦ᠂ ᠨᠢᠭᠡ ᠢᠵᠢ ᠠᠯᠳᠠᠨ ᠭᠠᠨᠵᠤᠤᠷ ᠵᠠᠯᠠᠭᠠᠳ ᠢᠷᠡᠬᠦ ᠳᠤ ᠦᠯᠡᠳᠡᠵᠦ ᠬᠤᠴᠦᠷᠤᠭᠰᠠᠨ ᠠᠬᠠᠮᠭᠳ ᠳᠤᠮᠤᠭᠠᠳᠠᠨ ᠨᠠᠷ ᠤᠳᠤ ᠶᠢᠨ ᠭᠠᠨᠵᠤᠤᠷ ᠲᠤᠰᠢ ᠳᠤ ᠭᠤᠷᠪᠠᠨ ᠰᠠᠶᠢᠬᠠᠨ ᠮᠣᠩᠭᠤᠯ ᠭᠡᠷ ᠪᠤᠰᠬᠠᠵᠦ ᠠᠯᠳᠠᠨ ᠭᠠᠨᠵᠦᠤᠷ ᠢᠶᠠᠨ ᠵᠠᠯᠠᠵᠦ ᠭᠡᠨ᠎ᠡ᠃ ᠢᠩᠭᠢᠭᠡᠳ ᠨᠤᠲᠤᠭ ᠤᠰᠤᠨ ᠤ ᠬᠠᠷᠠᠴᠤᠳ ᠡᠪᠦᠭᠡᠳ ᠡᠭᠡᠯᠵᠢ ᠪᠠᠷ ᠭᠠᠨᠵᠤᠤᠷ ᠢᠶᠠᠨ ᠰᠠᠬᠢᠵᠦ ᠲᠠᠬᠢᠵᠦ ᠪᠠᠶᠢᠬᠤ ᠳᠤ ᠭᠠᠨᠵᠤᠤᠷ ᠨᠢ ᠦᠳᠡᠰᠢ ᠪᠦᠷᠢ ᠭᠡᠷᠡᠯ ᠰᠠᠴᠤᠷᠠᠳᠠᠭ ᠪᠠᠶᠢᠵᠦ ᠭᠡᠨ᠎ᠡ᠃ ᠭᠡᠨᠡᠳᠲᠡ ᠨᠢᠭᠡ ᠰᠦᠨᠢ ᠭᠠᠨᠵᠤᠤᠷ ᠨᠢ ᠭᠡᠭᠡ ᠭᠠᠷᠬᠤ ᠪᠠᠨ ᠪᠠᠶᠢᠵᠦ ᠭᠡᠨ᠎ᠡ᠃ ᠠᠪᠤᠷᠠᠯ ᠳᠦᠯᠭᠡ ᠦᠵᠡᠬᠦᠯᠬᠦ ᠳᠤ ︽ᠰᠦᠮ᠎ᠡ ᠪᠠᠶᠢᠭᠤᠯᠵᠦ ᠭᠠᠨᠵᠤᠤᠷ ᠢᠶᠠᠨ ᠲᠠᠬᠢ︾ ᠭᠡᠵᠦ ᠪᠠᠭᠤᠭᠰᠠᠨ ᠠᠴᠠ ᠰᠢᠡᠵᠢᠭᠴᠢ ᠵᠠᠯᠠᠵᠦ ᠰᠦᠮ᠎ᠡ ᠪᠠᠷᠢᠬᠤ ᠨᠤᠲᠤᠭ ᠦᠵᠡᠵᠦ ᠡᠬᠢᠯᠡᠵᠠᠢ᠃ ᠵᠠᠯᠠᠵᠦ ᠢᠷᠡᠭᠰᠡᠨ ᠰᠢᠡᠵᠢᠭᠴᠢ ᠳᠤ ᠭᠤᠣᠯ ᠤᠰᠤᠨ ᠤ ᠡᠪᠦᠭᠡᠳ ᠪᠠᠷ᠎ᠠ ᠪᠤᠯᠵᠦ ᠵᠢᠭᠠᠰᠤᠳᠠᠢ ᠶᠢᠨ ᠭᠤᠣᠯ ᠤᠨ ᠡᠬᠢᠨ ᠳᠤ ︽ᠳ᠋ᠧᠩᠭᠡᠷ ᠤᠨ ᠰᠢᠷᠡᠭᠡ︾ ᠭᠡᠰᠡᠨ ᠭᠠᠵᠠᠷ ᠢ ᠰᠢᠨᠵᠢᠭᠦᠯᠵᠡᠢ᠃ ᠰᠢᠡᠵᠢᠭᠴᠢ᠄ ︽ᠪᠣᠯᠬᠤ ᠴᠦ ᠪᠤᠯᠤᠨ᠎ᠠ᠂ ᠱᠠᠪᠢ ᠨᠠᠷ ᠡᠷᠳᠡᠮ ᠲᠠᠢ ᠪᠤᠯᠪᠠᠴᠦ ᠰᠦᠮ᠎ᠡ ᠰᠠᠩ ᠶᠠᠳᠠᠭᠤ︾ ᠭᠡᠵᠦ ᠳᠤᠷᠤᠮᠵᠢᠬᠠᠨ ᠳᠤᠤᠭᠠᠷᠴᠦ ᠭᠡᠨ᠎ᠡ᠃ ᠳᠠᠷᠠᠭ᠎ᠠ ᠨᠢ ᠵᠢᠭᠠᠰᠤᠳᠠᠢ ᠶᠢᠨ ᠭᠤᠣᠯ ᠤᠨ ᠳᠤᠤᠷ᠎ᠠ ᠤᠷᠤᠰᠬᠠᠯ ᠤᠨ ︽ᠳᠦᠭᠦᠷᠢᠭ ᠤᠨ ᠡᠩᠭᠡᠷ ᠤᠨ ᠬᠡᠪ ᠤᠨ ᠲᠤᠰᠢ︾ ᠭᠡᠰᠡᠨ ᠭᠠᠵᠠᠷ ᠢ ᠰᠢᠨᠵᠢᠭᠦᠯᠵᠡᠢ᠃ ᠰᠢᠡᠵᠢᠭᠴᠢ᠄ ︽ᠪᠣᠯᠬᠤ ᠴᠦ ᠪᠤᠯᠤᠨ᠎ᠠ᠂ ᠰᠦᠮ᠎ᠡ ᠰᠠᠩ ᠪᠠᠶᠠᠨ ᠪᠤᠯᠪᠠᠴᠦ ᠱᠠᠪᠢ ᠨᠠᠷ ᠡᠷᠳᠡᠮ ᠮᠡᠭᠦᠰ᠂ ᠰᠦᠮ᠎ᠡ ᠳᠤ ᠰᠠᠭᠤᠬᠤ ᠬᠦᠮᠦᠨ ᠴᠦᠬᠡᠨ︾  ᠭᠡᠵᠦ ᠬᠡᠯᠡᠭᠰᠡᠨ ᠲᠤᠯᠠ ᠡᠷᠬᠢᠭᠡᠳ ᠵᠢᠭᠠᠰᠤᠳᠠᠢ ᠶᠢᠨ ᠭᠤᠣᠯ ᠤᠨ ᠳᠤᠮᠳᠠ ︽ᠪᠠᠶᠠᠨ ᠬᠤᠰᠢᠭᠤ︾ ᠭᠡᠰᠡᠨ ᠭᠠᠵᠠᠷ ᠢ ᠰᠢᠨᠵᠢᠭᠦᠯᠵᠠᠢ᠃ ᠰᠢᠡᠵᠢᠭᠴᠢ ᠨᠠᠭᠤᠷ ᠤᠨ ᠬᠠᠵᠭᠠᠤ ᠳᠤ ᠬᠦᠷᠬᠦ ᠳᠤ ᠰᠤᠨᠢᠨ ᠵᠢᠭᠳᠡᠢ ᠢᠨᠵᠠᠭ᠎ᠠ ᠪᠤᠰᠴᠦ ᠭᠦᠶᠦᠵᠠᠢ᠃ ᠡᠨᠡ ᠢᠨᠵᠠᠭ᠎ᠠ᠂ ᠢᠨᠵᠠᠭ᠎ᠠ ᠢᠨᠵᠠᠭ᠎ᠠ ᠲᠠᠢ ᠲᠠᠭᠠᠷᠠᠬᠤ ᠦᠭᠡᠢ ᠠᠯᠳᠠᠨ ᠢᠨᠵᠠᠭ᠎ᠠ ᠪᠠᠶᠢᠵᠦ᠂ ᠨᠠᠷᠠ ᠤᠷᠭᠤᠬᠤ ᠵᠦᠭ ᠶᠠᠪᠤᠵᠦ ᠵᠡᠭᠦᠨ ᠡᠮᠦᠨᠡᠬᠢ ᠭᠤᠣᠯ ᠳᠤ ᠤᠷᠤᠵᠠᠢ᠃ ᠰᠢᠡᠵᠢᠭᠴᠢ ᠲᠤᠩ ᠪᠠᠶᠠᠷᠯᠠᠨ᠄ ︽ᠰᠦᠮ᠎ᠡ ᠪᠠᠶᠢᠭᠤᠯᠬᠤ ᠭᠠᠵᠠᠷ ᠠᠳᠡ ᠪᠠᠶᠢᠵᠠᠢ᠃ ᠡᠨᠡ ᠭᠠᠵᠠᠷ ᠡᠳ᠋᠂ ᠡᠷᠳᠡᠮ ᠳᠡᠭᠰᠢ ᠪᠦᠷᠢᠨ ᠤᠷᠤᠨ︾ ᠭᠡᠵᠦ ᠰᠢᠨᠵᠢᠵᠦ ᠥᠭᠭᠦᠭᠡᠳ᠂ ᠲᠡᠷᠡ ᠤᠷᠤᠨ ᠳᠡᠭᠡᠷ᠎ᠡ ᠨᠢ ᠰᠦᠮ᠎ᠡ ᠪᠠᠶᠢᠭᠤᠯᠵᠦ ︽ᠢᠨᠵᠠᠭᠠᠨ ᠰᠦᠮ᠎ᠡ︾ ᠭᠡᠵᠦ ᠡᠷᠭᠦᠮᠵᠢᠯᠡᠭᠡᠳ᠂ ᠠᠯᠳᠠᠨ ᠢᠨᠵᠠᠭ᠎ᠠ ᠰᠢᠩᠭᠡᠭᠰᠡᠨ ᠵᠢᠭᠠᠰᠤᠳᠠᠢ ᠶᠢᠨ ᠭᠤᠣᠯ ᠤᠨ ᠳᠤᠤᠷ᠎ᠠ ᠤᠷᠤᠰᠬᠠᠯ ᠢ ︽ᠢᠨᠵᠠᠭᠠᠨ ᠭᠤᠣᠯ︾ ᠭᠡᠵᠦ ᠴᠤᠯᠠᠯᠠᠵᠦ ᠭᠡᠨ᠎ᠡ᠃
 
ᠢᠷᠡᠯᠲᠡ᠄ ᠦᠵᠦᠮᠦᠴᠢᠨ ᠠᠶᠢᠮᠠᠭ ᠭᠤ᠂ ᠷᠠᠭᠸ᠎ᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号