ᠦᠵᠦᠮᠦᠴᠢᠨ ᠮᠣᠩᠭᠤᠯᠴᠤᠳ ᠤᠨ ᠤᠯᠠᠮᠵᠢᠯᠠᠯᠲᠤ ᠠᠩ ᠠᠩᠨᠠᠯ ᠤᠨ ᠠᠵᠤ ᠠᠬᠤᠢ
ᠨᠡᠶᠢᠲᠡᠯᠡᠭᠰᠡᠨ ᠴᠠᠭ᠄
2017/3/6
                                 ᠠᠩ ᠠᠩᠨᠠᠯ ᠤᠨ ᠠᠵᠤ ᠠᠬᠤᠢ ᠪᠣᠯ ᠮᠣᠩᠭᠤᠯ ᠤᠨ ᠡᠷᠲᠡᠨ ᠤ ᠤᠯᠠᠮᠵᠢᠯᠠᠯᠲᠤ ᠠᠵᠤ ᠠᠬᠤᠢ ᠶᠢᠨ ᠴᠢᠬᠤᠯᠠ ᠪᠦᠷᠢᠯᠳᠦᠬᠦᠨ ᠬᠡᠰᠡᠭ ᠮᠥᠨ᠃ ᠮᠣᠩᠭᠤᠯᠴᠤᠳ ᠮᠠᠯ ᠠᠵᠤ ᠠᠬᠤᠢ ᠡᠷᠬᠢᠯᠡᠬᠦ ᠶᠢᠨ ᠬᠠᠮᠲᠤ ᠠᠩ ᠠᠩᠨᠠᠭᠤᠷ ᠤᠨ ᠠᠵᠤ ᠠᠬᠤᠢ ᠶᠢ ᠠᠯᠢ ᠡᠷᠲᠡ ᠠᠴᠠ ᠪᠠᠨ ᠲᠠᠰᠤᠷᠠᠯᠲᠠ ᠦᠭᠡᠢ ᠡᠵᠡᠩᠨᠡᠵᠦ ᠢᠷᠡᠭᠰᠡᠨ ᠶᠤᠮ᠃            ᠮᠣᠩᠭᠤᠯᠴᠤᠳ ᠤᠨ ᠠᠩ ᠬᠤᠮᠣᠷᠭ᠎ᠠ ᠭᠡᠳᠡᠭ ᠠᠵᠤ ᠠᠬᠤᠢ ᠶᠢᠨ ᠠᠷᠭ᠎ᠠ ᠪᠠᠷᠢᠯ᠂ ᠠᠮᠢᠳᠤᠷᠠᠯ ᠤᠨ ᠵᠠᠩ ᠦᠢᠯᠡ ᠶᠢ ︽ᠮᠣᠩᠭᠤᠯ ᠤᠨ ᠨᠢᠭᠤᠴᠠ ᠲᠣᠪᠴᠢᠶᠠᠨ︾ ᠳᠤ ᠡᠬᠢᠯᠡᠬᠦ ᠠᠴᠠ ᠲᠡᠭᠦᠰᠲᠡᠯ᠎ᠡ ᠮᠠᠰᠢ ᠣᠯᠠᠨ ᠲᠡᠮᠳᠡᠭᠯᠡᠭᠰᠡᠨ ᠪᠠᠶᠢᠳᠠᠭ᠃ ᠡᠨᠡ ᠠᠷᠭ᠎ᠠ ᠪᠠᠷᠢᠯ ᠵᠠᠩ ᠦᠢᠯᠡ ᠶᠢ ᠮᠣᠩᠭᠤᠯᠴᠤᠳ᠂ ᠠᠮᠢᠳᠤᠷᠠᠯ ᠦᠢᠯᠡᠳᠪᠦᠷᠢᠯᠡᠯ ᠤᠨ ᠶᠠᠪᠤᠴᠠ ᠳᠤᠮᠳᠠ ᠪᠠᠨ ᠦᠶ᠎ᠡ ᠤᠯᠠᠷᠢᠨ ᠬᠠᠳᠠᠭᠠᠯᠠᠵᠤ ᠢᠷᠡᠭᠰᠡᠨ ᠤ ᠬᠠᠮᠲᠤ ᠲᠠᠰᠤᠷᠠᠯᠲᠠ ᠦᠭᠡᠢ ᠬᠥᠭᠵᠢᠭᠦᠯᠵᠦ ᠢᠷᠡᠵᠡᠢ᠃              ᠮᠣᠩᠭᠤᠯ ᠤᠨ ᠠᠩ ᠠᠩᠨᠠᠯ ᠤᠨ ᠠᠵᠤ ᠠᠬᠤᠢ᠂ ᠦᠵᠦᠮᠦᠴᠢᠨ ᠮᠣᠩᠭᠤᠯᠴᠤᠳ ᠤᠨ ᠳᠤᠮᠳᠠ ᠨᠡᠩ ᠶᠡᠭᠡ  ᠪᠠᠷ ᠪᠠᠷᠢᠮᠲᠠᠯᠠᠭᠳᠠᠵᠤ᠂ ᠥᠪᠡᠷ ᠤᠨ ᠣᠨᠴᠠ ᠬᠡᠪ ᠨᠠᠮᠪᠠ ᠲᠠᠢ ︽ᠦᠵᠦᠮᠦᠴᠢᠨ ᠠᠩ︾ ᠤᠨ ᠬᠡᠯᠪᠡᠷᠢ ᠶᠢ ᠪᠣᠢ ᠪᠣᠯᠭᠠᠵᠠᠢ᠃              ᠦᠵᠦᠮᠦᠴᠢᠨ ᠤ ᠤᠯᠠᠮᠵᠢᠯᠠᠯᠲᠤ ᠠᠩ ᠠᠩᠨᠠᠯ ᠤᠨ ᠦᠢᠯᠡᠰ ᠭᠤᠣᠯᠳᠠᠭᠤ ᠬᠤᠶᠠᠷ ᠲᠥᠷᠥᠯ ᠳᠤ ᠬᠤᠪᠢᠶᠠᠭᠳᠠᠨ ᠶᠠᠪᠤᠭᠳᠠᠨ᠎ᠠ᠃ ᠨᠢᠭᠡ ᠨᠢ ︽ᠫᠤᠤ ᠶᠢᠨ ᠠᠩ︾᠂ ᠨᠥᠭᠦᠭᠡ ᠨᠢ ︽ᠨᠣᠬᠠᠢ ᠶᠢᠨ ᠠᠩ︾ ᠪᠣᠯᠣᠨ᠎ᠠ᠃              ᠦᠵᠦᠮᠦᠴᠢᠨ ᠤ ᠬᠤᠶᠠᠷ ᠵᠦᠢᠯ ᠤᠨ ᠠᠩ ᠠᠩᠨᠠᠯ ᠤᠨ ᠦᠢᠯᠡᠰ ᠤᠨ ᠥᠷᠭᠡᠴᠡ ᠪᠠ ᠭᠦᠨᠴᠡ ᠨᠢ ᠲᠣᠩ ᠶᠡᠭᠡ ᠬᠥᠭᠵᠢᠵᠡᠢ᠃ ᠡᠶᠢᠮᠦ ᠠᠴᠠ ᠠᠩ ᠠᠩᠨᠠᠯ ᠨᠢ ᠲᠡᠳᠡᠨ ᠤ ᠮᠠᠯ ᠠᠵᠤ ᠠᠬᠤᠢ ᠶᠢᠨ ᠦᠢᠯᠡᠳᠪᠦᠷᠢᠯᠡᠯ ᠢ ᠭᠠᠷᠭᠠᠪᠠᠯ᠂  ᠳᠡᠳ᠋ᠯᠡᠬᠦ ᠪᠠᠶᠢᠷᠢ ᠲᠠᠢ ᠲᠣᠮᠣ ᠠᠵᠤ ᠠᠬᠤᠢ ᠪᠠᠶᠢᠵᠤ᠂ ᠲᠡᠦᠬᠡᠨ ᠳᠡᠭᠡᠷ᠎ᠡ ᠠᠩ ᠭᠥᠷᠥᠭᠡ ᠶᠢᠨ ᠣᠷᠣᠯᠭ᠎ᠠ ᠨᠢ ᠦᠵᠦᠮᠦᠴᠢᠨ ᠤ ᠦᠢᠯᠡᠳᠪᠦᠷᠢᠯᠡᠯ ᠠᠮᠢᠳᠤᠷᠠᠯ ᠤᠨ ᠦᠢᠯᠡᠰ ᠲᠤ ᠴᠢᠬᠤᠯᠠ ᠦᠢᠯᠡᠳᠦᠯ ᠭᠠᠷᠭᠠᠵᠤ ᠢᠷᠠᠵᠠᠢ᠃              ᠦᠵᠦᠮᠦᠴᠢᠨ ᠤ ᠫᠤᠤ ᠶᠢᠨ ᠠᠩ ᠳᠤ ᠡᠷᠡᠭᠲᠡᠶᠢᠴᠦᠳ ᠣᠯᠠᠩᠬᠢ ᠳᠠᠭᠠᠨ ᠪᠦᠷ ᠫᠤᠤ ᠪᠠᠷᠢᠵᠤ ᠠᠩ ᠬᠢᠵᠦ ᠴᠢᠳᠠᠳᠠᠭ᠃ ᠡᠷᠡᠭᠲᠡᠶᠢᠴᠦᠳ ᠤᠨ ᠳᠣᠲᠣᠷ᠎ᠠ ᠪᠠᠰᠠ ᠲᠤᠰᠬᠠᠶᠢᠯᠠᠨ ᠠᠩ ᠭᠥᠷᠥᠭᠡ ᠬᠢᠳᠡᠭ ︽ᠮᠡᠷᠭᠡᠨ ᠫᠤᠤᠴᠢ︾ ᠲᠡᠦᠬᠡᠨ ᠠᠴᠠ ᠪᠠᠨ ᠦᠶ᠎ᠡ ᠦᠶ᠎ᠡ ᠭᠠᠷᠴᠤ ᠪᠠᠶᠢᠵᠠᠢ᠃ ᠲᠡᠳᠡᠨ ᠤ ᠫᠤᠤ ᠨᠢ ᠡᠷᠲᠡᠨ ᠳᠡᠭᠡᠨ ᠪᠦᠷ ︽ᠭᠠᠯ ᠫᠤᠤ︾ ᠪᠠᠶᠢᠭᠰᠠᠨ ᠪᠠᠶᠢᠨ᠎ᠠ᠃ ᠭᠠᠯ ᠫᠤᠤ ᠶᠢ ᠬᠡᠷᠡᠭᠯᠡᠭᠡᠳ ᠲᠡᠳᠡ ᠪᠠᠷᠤᠭ ᠬᠡᠳᠦᠨ ᠵᠠᠭᠤᠨ ᠵᠢᠯ ᠪᠣᠯᠵᠠᠢ᠃ ᠦᠵᠦᠮᠦᠴᠢᠨ ᠪᠠᠷᠠᠭᠤᠨ ᠭᠠᠷᠤᠨ ᠬᠤᠰᠢᠭᠤᠨ ᠤ ︽ᠢᠨᠵᠠᠭᠠᠨ ᠰᠦᠮ᠎ᠡ︾ ᠳᠤ ᠨᠢᠭᠡ ᠪᠢᠲᠡᠭᠦᠦ ᠪᠠᠷ ᠨᠢ ᠥᠪᠴᠢᠭᠰᠡᠨ ᠰᠢᠳᠦᠯᠡᠩ ᠪᠠᠷᠰ ᠤᠨ ᠠᠷᠠᠰᠤ ︵1966 ᠣᠨ ᠤ ᠰᠣᠶᠣᠯ ᠤᠨ ᠬᠤᠪᠢᠰᠬᠠᠯ ᠳᠤ ᠬᠦᠷᠲᠡᠯ᠎ᠡ ᠪᠠᠶᠢᠪᠠ︶ ᠪᠠᠶᠢᠵᠠᠢ᠃ ᠲᠡᠭᠦᠨ ᠤ ᠳᠣᠲᠣᠷ᠎ᠠ ᠨᠢ ᠡᠪᠡᠰᠦ ᠴᠢᠬᠢᠭᠡᠳ ᠲᠠᠯᠪᠢᠴᠢᠬᠠᠭᠰᠠᠨ ᠨᠢ ᠶᠠᠭ ᠠᠮᠢᠳᠤ ᠶᠤᠮᠰᠢᠭ᠃ ᠲᠡᠷᠡ ᠠᠷᠠᠰᠤ ᠶᠢ ᠢᠨᠵᠠᠭᠠᠨ ᠰᠦᠮ᠎ᠡ ᠳᠤ ᠵᠢᠯ ᠪᠦᠷᠢ ᠶᠢᠨ ᠪᠢᠯᠢᠭ ᠤᠨ ᠤᠯᠠᠷᠢᠯ ᠤᠨ 10 ᠰᠠᠷ᠎ᠠ ᠶᠢᠨ 25 ᠤ ᠡᠳᠦᠷ ᠮᠠᠭᠠᠺᠠᠯᠠ ᠪᠤᠷᠬᠠᠨ ᠢ ᠲᠠᠬᠢᠬᠤ ᠵᠤᠯᠠ ᠶᠢᠨ ᠬᠤᠷᠠᠯ ᠳᠡᠭᠡᠷ᠎ᠡ ᠭᠠᠷᠭᠠᠵᠤ ᠦᠵᠡᠭᠦᠯᠵᠦ ᠲᠠᠬᠢᠳᠠᠭ ᠪᠠᠶᠢᠪᠠ᠃             ᠲᠡᠷᠡ ᠠᠷᠠᠰᠤᠨ ᠳᠤ ᠫᠤᠤ ᠶᠢᠨ ᠰᠤᠮᠤ ᠨᠡᠪᠲᠡᠷᠡᠭᠰᠡᠨ ᠨᠦᠬᠡ ᠲᠠᠢ᠂ ᠲᠡᠭᠦᠨ ᠤ ᠳᠡᠷᠭᠡᠳᠡ ᠪᠠᠰᠠ ᠨᠢᠭᠡ ᠭᠠᠯ ᠫᠤᠤ ᠶᠢ ᠲᠠᠯᠪᠢᠵᠤ ᠰᠢᠲᠦᠳᠡᠭ᠃ ᠡᠨᠡ ᠪᠠᠷᠰ ᠤᠨ ᠠᠷᠠᠰᠤ ᠪᠣᠯ 18 ᠳ᠋ᠤᠭᠠᠷ ᠵᠠᠭᠤᠨ ᠤ ᠦᠵᠦᠮᠦᠴᠢᠨ ᠤ ᠡᠮᠦᠨ᠎ᠡ ᠬᠢᠩᠭ᠎ᠠ ᠶᠢᠨ ᠪᠣᠷᠣᠰᠣ ᠪᠡᠶ᠎ᠡ ᠶᠢᠨ ᠭᠠᠷᠮ᠎ᠠ ᠭᠡᠰᠡᠨ ᠡᠪᠦᠭᠡᠨ ᠠᠩᠴᠢᠨ ᠨᠠᠪᠲᠠᠭᠤᠯ ᠭᠡᠰᠡᠨ ᠭᠠᠵᠠᠷ ᠠᠴᠠ ᠫᠤᠤᠳᠠᠵᠤ ᠠᠯᠠᠭᠠᠳ ᠠᠷᠠᠰᠤ ᠫᠤᠤ ᠬᠤᠶᠠᠷ ᠢᠶᠠᠨ ᠢᠨᠵᠠᠭᠠᠨ ᠰᠦᠮ᠎ᠡ ᠳᠤ ᠡᠷᠭᠦᠵᠡᠢ᠃              ᠦᠵᠦᠮᠦᠴᠢᠨ ᠳᠤ ᠪᠠᠷᠰ ᠠᠯᠠᠭᠰᠠᠨ ᠶᠠᠪᠤᠳᠠᠯ ᠪᠣᠯ ᠭᠡᠨᠡᠳᠲᠡ ᠪᠠᠷ ᠲᠣᠬᠢᠶᠠᠯᠳᠤᠳᠠᠭ ᠬᠡᠷᠡᠭ᠃ ᠦᠵᠦᠮᠦᠴᠢᠨ  ᠤ ᠲᠡᠦᠬᠡᠨ ᠳᠤ ᠭᠠᠷᠮ᠎ᠠ᠂ ᠨᠤᠶᠢᠷᠤᠪ᠂ ᠴᠠᠭᠠᠨᠵᠠᠭᠠᠨ ᠭᠤᠷᠪᠠ ᠪᠠᠷᠰ ᠠᠯᠠᠵᠤ ᠥᠩᠭᠡᠷᠡᠵᠡᠢ᠃ ᠲᠡᠭᠦᠨ ᠤ ᠲᠦᠷᠦᠭᠦᠦ ᠬᠤᠶᠠᠷ ᠨᠢ ᠪᠦᠷ ᠫᠤᠤ ᠪᠠᠷ ᠠᠯᠠᠭᠰᠠᠨ ᠪᠠᠶᠢᠵᠠᠢ᠃ ᠪᠠᠷᠰ ᠪᠣᠯ ᠡᠷᠲᠡᠨ ᠠᠴᠠ ᠪᠠᠨ ᠠᠯᠠᠬᠤ ᠳᠤ ᠴᠡᠭᠡᠷ ᠲᠠᠢ ᠲᠠᠷᠬᠠᠨ ᠴᠠᠭᠠᠵᠠ ᠲᠠᠢ ᠠᠮᠢᠲᠠᠨ᠂ ᠲᠡᠳᠡᠨ ᠤ ᠪᠠᠷᠰ ᠠᠯᠠᠭᠰᠠᠨ ᠨᠢ ᠪᠦᠷ ᠭᠡᠨᠡᠳᠲᠡ ᠶᠢᠨ ᠬᠡᠷᠡᠭ᠂ ᠪᠠᠴᠢᠮ ᠲᠣᠬᠢᠶᠠᠯᠳᠤᠭᠰᠠᠨ ᠤᠴᠢᠷ ᠪᠠᠶᠢᠪᠠ᠃ ᠡᠶᠢᠮᠦ ᠠᠴᠠ ᠠᠩᠨᠠᠭᠰᠠᠨ ᠤ ᠳᠠᠷᠠᠭ᠎ᠠ ᠠᠷᠠᠰᠤ ᠫᠤᠤ ᠶᠢ ᠰᠦᠮ᠎ᠡ ᠪᠤᠷᠬᠠᠨ ᠳᠤ ᠡᠷᠭᠦᠭᠰᠡᠨ ᠪᠠᠶᠢᠵᠠᠢ᠃            ᠭᠡᠪᠡᠴᠦ ᠦᠵᠦᠮᠦᠴᠢᠨ ᠳᠤ ᠫᠤᠤ ᠪᠠᠷ ᠪᠠᠷᠰ ᠬᠦᠷᠲᠡᠯ᠎ᠡ ᠠᠯᠠᠵᠤ ᠪᠠᠶᠢᠭᠰᠠᠨ ᠨᠢ ᠦᠵᠦᠮᠦᠴᠢᠨ ᠤ ᠫᠤᠤ ᠶᠢᠨ ᠠᠩ ᠤᠨ ᠬᠥᠭᠵᠢᠯᠲᠡ ᠠᠯᠢ ᠡᠷᠲᠡ ᠲᠣᠩ ᠶᠡᠭᠡ ᠬᠥᠭᠵᠢᠭᠰᠡᠨ ᠢ ᠬᠠᠷᠠᠭᠤᠯᠳᠠᠭ᠃            ᠦᠵᠦᠮᠦᠴᠢᠨ ᠤ ᠫᠤᠤ ᠶᠢᠨ ᠠᠩ ᠢ ᠭᠤᠣᠯᠳᠠᠭᠤ ᠴᠢᠨ᠋ᠸ᠎ᠠ ᠠᠯᠠᠬᠤ᠂ ᠪᠤᠭᠤ ᠠᠯᠠᠬᠤ᠂ ᠭᠥᠷᠥᠭᠡᠰᠦ ᠠᠯᠠᠬᠤ᠂ ᠴᠠᠭᠠᠨ ᠵᠡᠭᠡᠷ᠎ᠡ ᠠᠯᠠᠬᠤ᠂ ᠬᠡᠭᠡᠷ᠎ᠡ ᠶᠢᠨ ᠭᠠᠭ᠋ᠠᠢ ᠠᠯᠠᠬᠤ᠂ ᠲᠠᠷᠪᠠᠭ᠎ᠠ ᠠᠯᠠᠬᠤ ᠳᠤ ᠵᠣᠷᠢᠭᠤᠯᠵᠤ ᠬᠢᠳᠡᠭ᠃ ᠡᠨᠡ ᠨᠢ ᠪᠦᠷ ᠠᠩ ᠠᠩᠨᠠᠯ ᠤᠨ ᠦᠢᠯᠡᠳᠪᠦᠷᠢᠯᠡᠯ ᠤᠨ ᠴᠢᠨᠠᠷ ᠲᠠᠢ ᠠᠵᠢᠯᠯᠠᠭ᠎ᠠ ᠶᠤᠮ᠃            ᠦᠵᠦᠮᠦᠴᠢᠨ ᠤ ᠨᠣᠬᠠᠢ ᠶᠢᠨ ᠠᠩ ᠪᠣᠯ ᠨᠡᠶᠢᠳᠡᠮ ᠤᠨ ᠴᠢᠨᠠᠷ ᠲᠠᠢ᠂ ᠲᠣᠩ ᠥᠷᠭᠡᠨ ᠬᠡᠮᠵᠢᠶ᠎ᠡ ᠪᠠᠷ ᠬᠢᠳᠡᠭ ᠨᠡᠶᠢᠭᠡᠮ ᠤᠨ ᠠᠩ ᠠᠩᠨᠠᠯ ᠤᠨ ᠠᠵᠢᠯᠯᠠᠭ᠎ᠠ ᠶᠤᠮ᠃ ᠦᠵᠦᠮᠦᠴᠢᠨ ᠤ ᠡᠷᠡᠭᠲᠡᠢ ᠬᠡᠦᠬᠡᠳ 7 ~ 8 ᠨᠠᠰᠤ ᠬᠦᠷᠴᠦ ᠂ ᠮᠣᠷᠢ ᠤᠨᠤᠵᠤ ᠰᠤᠷᠤᠭᠰᠠᠭᠠᠷ ᠠᠬᠠᠮᠠᠳ ᠢᠶᠠᠨ ᠳᠠᠭᠠᠵᠤ ᠨᠣᠬᠠᠢ ᠳᠠᠭᠠᠭᠤᠯᠵᠤ ᠠᠩ ᠭᠥᠷᠥᠭᠡ ᠬᠢᠵᠦ ᠡᠬᠢᠯᠡᠳᠡᠭ᠃            ᠨᠣᠬᠠᠢ ᠶᠢᠨ ᠠᠩ ᠢ ᠭᠤᠣᠯᠳᠠᠭᠤ ᠨᠣᠬᠠᠢ ᠶᠢᠨ ᠴᠢᠳᠠᠪᠬᠢ ᠣᠨᠴᠠᠯᠢᠭ ᠠᠴᠠ ᠪᠣᠯᠵᠤ᠂ ᠴᠢᠨ᠋ᠸ᠎ᠠ ᠠᠯᠠᠬᠤ᠂ ᠦᠨᠡᠭᠡ ᠠᠯᠠᠬᠤ᠂ ᠭᠠᠭ᠋ᠠᠢ ᠠᠯᠠᠬᠤ᠂ ᠮᠠᠩᠭᠢᠰᠤ ᠠᠯᠠᠬᠤ᠂ ᠬᠢᠷᠰᠠ ᠱᠠᠬᠠᠷ ᠠᠯᠠᠬᠤ᠂ ᠡᠯᠪᠡᠩᠬᠦ ᠠᠯᠠᠬᠤ᠂ ᠱᠥᠯᠦᠪᠠᠰᠦ ᠠᠯᠠᠬᠤ ᠳᠤ ᠭᠤᠣᠯ ᠪᠣᠯᠭᠠᠵᠤ ᠬᠢᠳᠡᠭ᠃            ᠦᠵᠦᠮᠦᠴᠢᠨ ᠤ ᠠᠩ ᠠᠩᠨᠠᠭᠤᠷ ᠤᠨ ᠠᠵᠤ ᠠᠬᠤᠢ ᠨᠢ ᠲᠡᠳᠡᠨ ᠤ ᠦᠢᠯᠡᠳᠪᠦᠷᠢᠯᠡᠯ ᠠᠮᠢᠳᠤᠷᠠᠯ ᠤᠨ ᠴᠢᠬᠤᠯᠠ ᠪᠦᠷᠢᠯᠳᠦᠬᠦᠨ ᠬᠡᠰᠡᠭ᠂ ᠵᠣᠬᠢᠬᠤ ᠦᠢᠯᠡᠳᠪᠦᠷᠢᠯᠡᠯ ᠤᠨ ᠠᠵᠢᠯᠯᠠᠭ᠎ᠠ ᠪᠠᠶᠢᠳᠠᠭ ᠠᠴᠠ ᠦᠵᠦᠮᠦᠴᠢᠨ ᠮᠣᠩᠭᠤᠯᠴᠤᠳ ᠠᠩ ᠭᠥᠷᠥᠭᠡ ᠬᠢᠬᠦ ᠳᠡᠭᠡᠨ ᠪᠦᠷ ᠠᠩ ᠠᠩᠨᠠᠯ ᠤᠨ ᠦᠢᠯᠡᠳᠪᠦᠷᠢᠯᠡᠯ ᠤᠨ ᠵᠢᠮ᠎ᠡ ᠶᠣᠰᠣ ᠶᠢᠨ ᠳᠣᠲᠣᠷ᠎ᠠ ᠶᠠᠪᠤᠭᠤᠯᠳᠠᠭ᠃ ᠲᠡᠳᠡᠨ ᠤ ᠠᠩ ᠤᠨ ᠠᠵᠢᠯᠯᠠᠭ᠎ᠠ ᠨᠢ ᠲᠣᠭᠲᠠᠭᠰᠠᠨ ᠳᠦᠷᠢᠮ ᠭᠤᠷᠢᠮ ᠲᠠᠢ ᠥᠨᠳᠥᠷ ᠦᠷ᠎ᠡ ᠠᠰᠢᠭ ᠲᠠᠢ ᠠᠩ ᠠᠩᠨᠠᠯ ᠪᠠᠶᠢᠳᠠᠭ  ᠃ ᠡᠭᠦᠨ ᠳᠤ᠄            1᠂ ᠴᠢᠨ᠋ᠸ᠎ᠠ ᠶᠢᠨ ᠠᠩ᠄ ᠴᠢᠨ᠋ᠸ᠎ᠠ ᠶᠢᠨ ᠠᠩ ᠢ ᠦᠵᠦᠮᠦᠴᠢᠨ ᠳᠤ ᠪᠠᠶᠢᠩᠭᠤ ᠶᠢᠨ ᠴᠢᠨᠠᠷ ᠲᠠᠢ ᠬᠢᠳᠡᠭ᠃ ᠤᠴᠢᠷ ᠨᠢ ᠴᠢᠨ᠋ᠸ᠎ᠠ ᠦᠵᠦᠮᠦᠴᠢᠨ ᠳᠤ ᠲᠣᠩ ᠡᠯᠪᠡᠭ ᠪᠠᠶᠢᠳᠠᠭ ᠮᠢᠬᠠᠴᠢᠨ ᠠᠮᠢᠲᠠᠨ ᠶᠤᠮ᠂ ᠴᠢᠨ᠋ᠸ᠎ᠠ ᠪᠣᠯ ᠤᠬᠠᠭᠠᠨ ᠰᠡᠷᠭᠡᠭ᠂ ᠴᠢᠳᠠᠯ ᠶᠡᠭᠡ᠂ ᠠᠮᠢ ᠪᠥᠬᠡ᠂ ᠪᠡᠶ᠎ᠡ ᠪᠠᠨ ᠬᠠᠮᠠᠭᠠᠯᠠᠬᠤ ᠴᠢᠨᠠᠷ ᠢᠶᠠᠷ ᠣᠨᠴᠤᠭᠤᠢ ᠪᠥᠭᠡᠳ ᠦᠷᠡᠵᠢᠬᠦ ᠨᠢ ᠲᠣᠩ ᠠᠷᠪᠢᠨ᠂ ᠥᠰᠬᠦ ᠨᠢ ᠲᠦᠷᠭᠡᠨ᠂ ᠦᠷᠭᠦᠯᠵᠢ ᠶᠢᠨ ᠴᠢᠨᠠᠷ ᠲᠠᠢ ᠮᠠᠯ ᠰᠦᠷᠦᠭ ᠲᠤ ᠣᠷᠣᠵᠤ ᠶᠡᠭᠡ ᠬᠡᠮᠵᠢᠶ᠎ᠡ  ᠪᠠᠷ ᠪᠠᠷᠠᠯᠠᠵᠤ ᠢᠳᠡᠬᠦ ᠪᠤᠶᠤ ᠪᠠᠷᠢᠵᠤ ᠬᠠᠶᠠᠳᠠᠭ ᠮᠠᠯ ᠠᠵᠤ ᠠᠬᠤᠢ ᠶᠢᠨ ᠦᠢᠯᠡᠳᠪᠦᠷᠢᠯᠡᠯ ᠤᠨ ᠠᠶᠤᠯᠲᠤ ᠳᠠᠶᠢᠰᠤᠨ ᠪᠠᠶᠢᠵᠤ᠂ ᠮᠠᠯ ᠠᠵᠤ ᠠᠬᠤᠢ ᠶᠢᠨ ᠦᠢᠯᠡᠳᠪᠦᠷᠢᠯᠡᠯ ᠢ ᠬᠦᠨᠳᠦ ᠨᠣᠴᠢᠲᠠᠢ ᠬᠤᠬᠢᠷᠠᠭᠤᠯᠳᠠᠭ᠃ ᠨᠡᠩ ᠴᠦ ᠬᠠᠷᠠᠩᠭᠤᠢ ᠰᠥᠨᠢ᠂ ᠵᠤᠳ ᠰᠢᠭᠤᠷᠭᠠᠨ ᠲᠠᠢ ᠪᠠᠴᠢᠮ ᠦᠶ᠎ᠡ ᠲᠣᠩ ᠰᠢᠷᠦᠭᠦᠰᠬᠦ ᠪᠥᠭᠡᠳ ᠪᠡᠯᠴᠢᠭᠡᠷ ᠤᠨ ᠮᠠᠯ ᠠᠵᠤ ᠠᠬᠤᠢ  ᠶᠢᠨ ᠦᠢᠯᠡᠳᠪᠦᠷᠢᠯᠡᠯ ᠳᠤ ᠬᠤᠣᠷ ᠬᠥᠨᠥᠭᠡᠯ ᠨᠢ ᠨᠡᠩ ᠶᠡᠭᠡ ᠶᠤᠮ᠃ ᠡᠶᠢᠮᠦ ᠠᠴᠠ ᠬᠥᠮᠥᠰ ︽ᠴᠢᠨ᠋ᠸ᠎ᠠ ᠪᠣᠷᠣᠭᠠᠨ  ᠳᠤ᠂ ᠮᠠᠭᠤ ᠬᠥᠮᠥᠨ ᠴᠢᠯᠦᠭᠡᠨ ᠳᠤ︾ ᠭᠡᠵᠦ ᠵᠦᠢᠷᠯᠡᠭᠰᠡᠨ ᠪᠠᠶᠢᠨ᠎ᠠ᠃            ᠮᠠᠯ ᠠᠵᠤ ᠠᠬᠤᠢ ᠶᠢᠨ ᠦᠢᠯᠡᠳᠪᠦᠷᠢᠯᠡᠯ ᠳᠤ ︽ᠳᠥᠷᠪᠡᠨ ᠵᠦᠢᠯ ᠤᠨ ᠬᠤᠬᠢᠷᠠᠯ︾ ᠬᠤᠪᠢᠶᠠᠳᠠᠭ᠃ ᠲᠡᠭᠦᠨ ᠤ ᠨᠢᠭᠡ ᠨᠢ ᠴᠢᠨ᠋ᠸ᠎ᠠ ᠶᠢᠨ ᠬᠤᠬᠢᠷᠠᠯ ᠪᠣᠯᠣᠨ᠎ᠠ᠃ ᠡᠶᠢᠮᠦ ᠠᠴᠠ ᠴᠢᠨ᠋ᠸ᠎ᠠ ᠠᠪᠠᠯᠠᠬᠤ ᠠᠩ ᠬᠢᠬᠦ ᠪᠣᠯ ᠨᠢᠭᠡ ᠵᠦᠢᠯ ᠤᠨ ᠮᠠᠯ ᠰᠦᠷᠦᠭ ᠢ ᠮᠡᠨᠳᠦ ᠬᠠᠮᠠᠭᠠᠯᠠᠵᠤ᠂ ᠮᠠᠯ ᠠᠵᠤ ᠠᠬᠤᠢ ᠦᠢᠯᠡᠳᠪᠦᠷᠢᠯᠡᠯ ᠤᠨ ᠬᠥᠭᠵᠢᠯᠲᠡ ᠶᠢ ᠪᠠᠲᠤᠯᠠᠬᠤ ᠦᠢᠯᠡᠳᠪᠦᠷᠢᠯᠡᠯ ᠤᠨ ᠠᠵᠢᠯᠯᠠᠭ᠎ᠠ ᠮᠥᠨ᠃ ᠴᠢᠨ᠋ᠸ᠎ᠠ ᠶᠢᠨ ᠠᠩ ᠢ ᠳᠥᠷᠪᠡᠨ ᠤᠯᠠᠷᠢᠯ ᠳᠤ ᠪᠦᠷ ᠬᠢᠳᠡᠭ ᠪᠠᠶᠢᠨ᠎ᠠ᠃ ᠡᠨᠡ ᠨᠢ ᠮᠠᠯᠵᠢᠬᠤ ᠦᠢᠯᠡᠳᠪᠦᠷᠢᠯᠡᠯ ᠤᠨ ᠠᠰᠢᠭ ᠲᠤᠰᠠ ᠠᠴᠠ ᠪᠣᠯᠣᠭᠰᠠᠨ ᠶᠤᠮ᠃           ᠡᠭᠦᠨ ᠠᠴᠠ ᠭᠠᠳᠠᠨ᠎ᠠ ᠴᠢᠨ᠋ᠸ᠎ᠠ ᠶᠢᠨ ᠥᠪᠴᠢ ᠪᠡᠶ᠎ᠡ ᠪᠣᠯ ᠡᠷᠳᠡᠨᠢ ᠪᠠᠶᠢᠳᠠᠭ᠃ ᠠᠷᠠᠰᠤ ᠨᠢ ᠪᠥᠬᠡ᠂ ᠳᠤᠯᠠᠭᠠᠨ᠂ ᠭᠤᠶᠣ᠂ ᠳᠡᠭᠡᠳᠦ ᠳᠡᠰ ᠤᠨ ᠬᠤᠪᠴᠠᠰᠤ ᠬᠢᠨ᠎ᠡ᠃ ᠨᠠᠰᠤᠲᠠᠶᠢᠴᠤᠳ ᠲᠤ ᠳᠡᠪᠢᠰᠬᠡᠷ ᠬᠢᠪᠡᠯ ᠴᠢᠬᠢᠭ ᠨᠣᠶᠢᠲᠠᠨ ᠢ ᠰᠡᠷᠭᠡᠶᠢᠯᠡᠵᠦ ᠬᠠᠯᠠᠭᠤᠨ ᠳᠤᠯᠠᠭᠠᠨ ᠪᠠᠶᠢᠳᠠᠭ᠃ ︽ᠶᠢᠰᠦᠨ ᠰᠠᠷ᠎ᠠ ᠶᠢᠨ ᠦᠨᠡᠭᠡ ᠶᠢᠨ ᠠᠷᠠᠰᠤ᠂ ᠠᠷᠪᠠᠨ ᠰᠠᠷ᠎ᠠ ᠶᠢᠨ ᠴᠢᠨ᠋ᠸ᠎ᠠ ᠶᠢᠨ ᠠᠷᠠᠰᠤ︾ ᠭᠡᠵᠦ ᠦᠨᠡᠭᠡᠨ ᠠᠷᠠᠰᠤ ᠲᠠᠢ ᠵᠦᠢᠷᠯᠡᠳᠡᠭ᠃ ᠲᠠᠸᠠᠷᠯᠠᠵᠤ ᠬᠤᠳᠠᠯᠳᠤᠬᠤ ᠳᠤ ᠦᠨ᠎ᠡ ᠥᠷᠲᠡᠭ ᠰᠠᠶᠢᠨ᠃ ᠮᠢᠬ᠎ᠠ᠂ ᠥᠭᠡᠬᠦ᠂ ᠴᠢᠰᠤ᠂ ᠰᠥᠰᠥ  ᠂ ᠬᠡᠯᠡ᠂ ᠬᠤᠳᠣᠭᠤᠳᠤ᠂ ᠪᠠᠭᠠᠰᠤ ᠨᠢ ᠪᠦᠷ ᠮᠣᠩᠭᠤᠯ ᠡᠮ ᠤᠨ ᠪᠠ ᠨᠤᠲᠤᠭ ᠤᠨ ᠡᠮᠨᠡᠯᠭᠡ ᠶᠢᠨ ᠦᠨᠡᠲᠦ ᠡᠬᠢ  ᠮᠠᠲ᠋ᠧᠷᠢᠶᠠᠯ ᠪᠣᠯᠣᠨ᠎ᠠ᠃            ᠴᠢᠨ᠋ᠸ᠎ᠠ ᠠᠩᠨᠠᠬᠤ ᠳᠤ᠂ ᠴᠢᠨ᠋ᠸ᠎ᠠ ᠶᠢᠨ ᠨᠢᠭᠡᠳᠦᠭᠡᠷ ᠠᠩᠨᠠᠯᠲᠠ ᠶᠢᠨ ᠴᠠᠭ ᠬᠤᠭᠤᠴᠠᠭ᠎ᠠ ᠪᠣᠯ 10 ~12 ᠰᠠᠷ᠎ᠠ ᠪᠣᠯᠣᠨ᠎ᠠ᠃ ᠡᠨᠡ ᠦᠶ᠎ᠡ ᠪᠣᠯ ᠦᠵᠦᠮᠦᠴᠢᠨ ᠳᠤ ᠴᠠᠰᠤ ᠣᠷᠣᠵᠤ ᠲᠣᠭᠲᠠᠭᠠᠳ ᠠᠮᠢᠲᠠᠨ ᠤ ᠮᠥᠷ ᠭᠠᠷᠴᠤ ᠮᠥᠷ ᠬᠥᠭᠡᠭᠡᠵᠦ ᠠᠩᠨᠠᠬᠤ ᠳᠤ ᠠᠰᠢᠭᠲᠠᠢ ᠴᠠᠭ ᠪᠣᠯᠣᠨ᠎ᠠ᠃ ᠴᠢᠨ᠋ᠸ᠎ᠠ ᠶᠢᠨ ᠣᠷᠤᠭ᠎ᠠ ᠶᠢᠨ ᠬᠤᠭᠤᠴᠠᠭ᠎ᠠ ᠪᠣᠯᠵᠤ ᠰᠦᠷᠦᠭᠯᠡᠵᠦ ᠶᠠᠪᠤᠳᠠᠭ᠃ ᠪᠠᠰᠠ ᠡᠨᠡ ᠦᠶ᠎ᠡ ᠳᠤ ᠠᠷᠠᠰᠤᠨ ᠤ ᠬᠡᠷᠡᠭᠴᠡᠭᠡ ᠪᠠ ᠴᠢᠨ᠋ᠸ᠎ᠠ ᠨᠣᠬᠠᠢ ᠠᠴᠠ ᠮᠠᠯ ᠰᠦᠷᠦᠭ  ᠢᠶᠠᠨ ᠬᠠᠮᠠᠭᠠᠯᠠᠬᠤ ᠦᠢᠯᠡᠳᠪᠦᠷᠢᠯᠡᠯ ᠤᠨ ᠬᠡᠷᠡᠭᠴᠡᠭᠡ ᠤᠶᠠᠯᠳᠤᠬᠤ ᠮᠥᠷᠲᠡᠭᠡᠨ ᠫᠤᠤ ᠨᠣᠬᠠᠢ ᠪᠠᠷ ᠠᠩᠨᠠᠬᠤ ᠳᠤ ᠪᠦᠷ ᠲᠣᠬᠢᠷᠠᠮᠵᠢᠲᠠᠢ ᠶᠤᠮ᠃ ᠴᠢᠨ᠋ᠸ᠎ᠠ ᠶᠢᠨ ᠬᠤᠶᠠᠳᠤᠭᠠᠷ ᠠᠩᠨᠠᠯᠲᠠ ᠶᠢᠨ ᠬᠤᠭᠤᠴᠠᠭ᠎ᠠ ᠪᠣᠯ ᠬᠠᠪᠤᠷ ᠤᠨ ᠨᠡᠭᠡᠭᠡᠭᠰᠡᠨ ᠬᠠᠩᠰᠢ ᠠᠴᠠ ᠡᠮᠦᠨ᠎ᠡ ᠠᠷᠪᠠ ᠬᠤᠨᠤᠭ ᠠᠴᠠ ᠡᠬᠢᠯᠡᠵᠦ᠂ ᠬᠤᠶᠢᠨ᠎ᠠ ᠠᠷᠪᠠ ᠬᠤᠨᠤᠭ ᠤᠨ ᠳᠣᠲᠣᠷ᠎ᠠ ᠪᠣᠯᠣᠨ᠎ᠠ᠃ ᠡᠨᠡ ᠬᠤᠷᠢ ᠬᠤᠨᠤᠭ ᠤᠨ ᠴᠠᠭ ᠬᠤᠭᠤᠴᠠᠭᠠᠨ ᠳᠤ ᠴᠢᠨ᠋ᠸ᠎ᠠ ᠦᠨᠳᠦᠰᠦᠨ ᠳᠡᠭᠡᠨ ᠪᠡᠯᠲᠡᠷᠭᠡᠯᠡᠵᠦ ᠲᠡᠭᠦᠰᠦᠨ᠎ᠡ᠃ ᠡᠨᠡ ᠬᠤᠭᠤᠴᠠᠭᠠᠨ ᠤ ᠠᠩ ᠪᠣᠯ ᠴᠢᠨ᠋ᠸ᠎ᠠ ᠶᠢ ᠰᠥᠨᠥᠭᠡᠯᠲᠡ ᠶᠢᠨ ᠴᠢᠨᠠᠷ ᠲᠠᠢ ᠦᠨᠳᠦᠰᠦ ᠲᠠᠰᠤᠯᠵᠤ ᠲᠤᠰᠬᠠᠢ ᠤᠰᠠᠳᠬᠠᠬᠤ ᠠᠩ ᠪᠣᠯᠣᠨ᠎ᠠ᠃ ᠴᠢᠨ᠋ᠸ᠎ᠠ ᠬᠠᠪᠤᠷ ᠪᠡᠯᠲᠡᠷᠭᠡᠯᠡᠬᠦ ᠳᠡᠭᠡᠨ 7 ~14  ᠬᠤᠨᠤᠭ ᠤᠨ ᠳᠣᠲᠣᠷ᠎ᠠ᠂ ᠳᠥᠭᠦᠮ ᠣᠬᠤᠷ ᠠᠭᠤᠵᠢᠮ ᠠᠷᠤᠬᠠᠯᠠᠭ ᠢᠯᠠ ᠭᠠᠵᠠᠷ ᠤᠨ ᠨᠦᠬᠡᠨ ᠡᠭᠦᠷ ᠲᠤ ᠪᠡᠯᠲᠡᠷᠭᠡᠯᠡᠳᠡᠭ᠃ ᠡᠨᠡ ᠨᠢ ᠴᠢᠨ᠋ᠸ᠎ᠠ  ᠶᠢᠨ ᠪᠡᠯᠲᠡᠷᠭᠡ ᠪᠣᠷᠪᠢ ᠨᠢᠳᠦ ᠪᠠᠨ ᠨᠡᠭᠡᠭᠡᠬᠦ ᠠᠴᠠ ᠡᠮᠦᠨ᠎ᠡ ᠤᠬᠠᠭᠠᠨ ᠮᠡᠳᠡᠷᠡᠮᠵᠢ ᠣᠷᠣᠭᠠᠳᠤᠢ᠂ ᠬᠡᠴᠡᠭᠦᠦ ᠨᠦᠬᠡᠨ  ᠳᠤ ᠵᠤᠯᠵᠠᠭᠠᠯᠠᠪᠠᠯ ᠡᠬᠡ ᠪᠡᠯᠲᠡᠷᠭᠡ ᠠᠭᠤᠯᠵᠠᠬᠤ ᠦᠭᠡᠢ ᠪᠣᠯᠵᠤ᠂ ᠵᠤᠯᠵᠠᠭ᠎ᠠ ᠨᠦᠬᠡᠨ ᠤ ᠲᠠᠷᠢᠬᠢᠨ ᠳᠤ ᠬᠦᠷᠴᠦ ᠥᠯᠥᠰᠴᠦ ᠥᠯᠪᠡᠷᠴᠦ ᠰᠦᠢᠳᠬᠡᠬᠦ ᠠᠴᠠ ᠰᠡᠷᠭᠡᠶᠢᠯᠡᠭᠰᠡᠨ ᠪᠠᠶᠢᠨ᠎ᠠ᠃14 ~21 ᠬᠤᠨᠤᠭ ᠤᠨ ᠬᠤᠭᠤᠴᠠᠭᠠᠨ ᠳᠤ ᠡᠬᠡ ᠵᠤᠯᠵᠠᠭ᠎ᠠ ᠳᠠᠭᠤ ᠠᠪᠤᠯᠴᠠᠬᠤ ᠪᠣᠯᠣᠭᠰᠠᠭᠠᠷ ᠲᠣᠩ ᠬᠡᠴᠡᠭᠦᠦ ᠨᠦᠬᠡᠨ ᠳᠤ ᠰᠢᠯᠵᠢᠭᠦᠯᠵᠦ᠂ ᠮᠣᠳᠣ ᠨᠠᠪᠴᠢᠯᠠᠭᠰᠠᠭᠠᠷ ᠪᠠᠰᠠ ᠪᠡᠯᠲᠡᠷᠭᠡ ᠪᠠᠨ ᠳᠠᠭᠠᠭᠤᠯᠵᠤ ᠶᠡᠭᠡ ᠲᠦᠩ ᠮᠣᠳᠣᠨ ᠳᠤ ᠣᠷᠣᠳᠠᠭ᠃ ᠡᠶᠢᠮᠦ ᠠᠴᠠ᠂ ᠡᠭᠦᠨ ᠠᠴᠠ ᠡᠮᠦᠨ᠎ᠡ ᠬᠠᠩᠰᠢ ᠶᠢᠨ ᠡᠮᠦᠨ᠎ᠡ ᠬᠤᠶᠢᠨ᠎ᠠ᠂ ᠴᠢᠨ᠋ᠸ᠎ᠠ ᠶᠢᠨ ᠨᠢᠯᠬ᠎ᠠ ᠳᠡᠭᠡᠷ᠎ᠡ ᠵᠠᠪᠳᠤᠵᠤ ᠠᠩᠨᠠᠬᠤ ᠨᠢ ᠠᠰᠢᠭᠲᠠᠢ᠃ ᠡᠨᠡ ᠦᠶ᠎ᠡ ᠳᠤ ᠨᠢᠭᠡ ᠡᠮ᠎ᠡ ᠴᠢᠨ᠋ᠸ᠎ᠠ ᠣᠯᠠᠩᠬᠢ ᠳᠠᠭᠠᠨ 5 ~7 ᠠᠴᠠ ᠳᠡᠭᠡᠭᠰᠢ ᠬᠠᠮᠤᠭ ᠠᠷᠪᠢᠨ  ᠳᠠᠭᠠᠨ 13 ~14 ᠪᠡᠯᠲᠡᠷᠭᠡ ᠭᠠᠷᠳᠠᠭ᠃ ᠴᠢᠨ᠋ᠸ᠎ᠠ ᠶᠢ ᠪᠡᠯᠲᠡᠷᠭᠡᠯᠡᠬᠦ ᠶᠢᠨ ᠡᠬᠢᠨ ᠳᠤ ᠠᠩᠨᠠᠬᠤ ᠨᠢ ᠪᠡᠯᠲᠡᠷᠭᠡ ᠶᠢ ᠬᠢᠯᠪᠠᠷ ᠳᠥᠭᠦᠮ ᠨᠦᠬᠡᠨ ᠳᠤ ᠪᠠᠶᠢᠬᠤ ᠳᠤᠨᠢ ᠪᠦᠬᠦᠨ ᠢ ᠤᠰᠠᠳᠬᠠᠬᠤ ᠳᠤ ᠠᠮᠤᠷ ᠪᠥᠭᠡᠳ ᠴᠢᠨᠠᠭᠰᠢᠯᠠᠪᠠᠯ ᠡᠬᠡ ᠡᠴᠢᠭᠡ ᠲᠠᠢ ᠨᠢ ᠦᠨᠳᠦᠰᠦ ᠪᠠᠷ ᠨᠢ ᠤᠰᠠᠳᠬᠠᠬᠤ ᠪᠣᠯᠣᠯᠴᠠᠭ᠎ᠠ ᠲᠠᠢ ᠪᠠᠶᠢᠳᠠᠭ᠃            ᠡᠶᠢᠮᠦ ᠠᠴᠠ ᠬᠠᠩᠰᠢ ᠶᠢᠨ ᠡᠮᠦᠨ᠎ᠡ ᠬᠤᠶᠢᠨᠠᠬᠢ 20 ᠬᠤᠨᠤᠭ ᠨᠢᠭᠡ ᠰᠠᠷ᠎ᠠ ᠳᠤ᠂ ᠦᠵᠦᠮᠦᠴᠢᠨ ᠳᠤ ᠬᠥᠰᠬᠡ ᠮᠠᠶᠢᠬᠠᠨ ᠲᠠᠢ ᠠᠩ ᠢ ᠵᠣᠬᠢᠶᠠᠨ ᠪᠠᠶᠢᠭᠤᠯᠵᠤ᠂ ᠴᠢᠨ᠋ᠸ᠎ᠠ ᠤᠰᠠᠳᠬᠠᠬᠤ ᠲᠤᠰᠬᠠᠢ ᠠᠪᠠ ᠬᠢᠳᠡᠭ᠃ ᠬᠠᠪᠤᠷ  ᠤᠨ ᠠᠩ ᠪᠣᠯ ᠪᠦᠷᠢᠮᠦᠰᠦᠨ ᠦᠢᠯᠡᠳᠪᠦᠷᠢᠯᠡᠯ ᠤᠨ ᠴᠢᠨᠠᠷ ᠲᠠᠢ ᠴᠢᠨ᠋ᠸ᠎ᠠ ᠤᠰᠠᠳᠬᠠᠬᠤ ᠠᠩ ᠪᠣᠯᠣᠨ᠎ᠠ᠃              ᠡᠭᠦᠨ ᠠᠴᠠ ᠪᠤᠰᠤᠳ ᠴᠠᠭ ᠲᠤ᠂ ᠴᠢᠨ᠋ᠸ᠎ᠠ ᠶᠢᠨ ᠠᠩ ᠢ ᠡᠳᠦᠷ ᠲᠤᠲᠤᠮ ᠤᠨ ᠮᠠᠯ ᠬᠠᠮᠠᠭᠠᠯᠠᠬᠤ ᠴᠢᠬᠤᠯᠠ ᠠᠵᠢᠯᠯᠠᠭ᠎ᠠ ᠪᠣᠯᠭᠠᠵᠤ ᠪᠠᠶᠢᠩᠭᠤ ᠶᠠᠪᠤᠭᠤᠯᠳᠠᠭ᠂ ᠨᠡᠩ ᠴᠦ ᠰᠥᠨᠢ ᠶᠢᠨ ᠮᠠᠨᠠᠭᠠᠴᠢᠨ ᠨᠠᠷ ᠮᠠᠯ ᠰᠦᠷᠦᠭ ᠮᠠᠨᠠᠵᠤ ᠪᠠᠶᠢᠭᠠᠳ ᠰᠥᠨᠢ ᠬᠤᠲᠠ ᠰᠦᠷᠦᠭ ᠲᠤ ᠣᠷᠣᠭᠰᠠᠨ ᠴᠢᠨ᠋ᠸ᠎ᠠ ᠶᠢ ᠨᠣᠬᠠᠢ ᠪᠠᠷ ᠪᠠᠷᠢᠭᠤᠯᠵᠤ᠂ ᠴᠥᠭᠡᠨ ᠪᠤᠰᠤ ᠶᠢ ᠠᠪᠠᠯᠠᠵᠤ ᠠᠯᠠᠳᠠᠭ ᠪᠠᠶᠢᠵᠠᠢ᠃ ᠡᠭᠦᠨ ᠢᠶᠠᠷ ᠪᠠᠷᠠᠬᠤ ᠦᠭᠡᠢ ᠦᠵᠦᠮᠦᠴᠢᠨ ᠤ ᠴᠢᠨ᠋ᠸ᠎ᠠ ᠶᠢᠨ ᠠᠩ ᠨᠢ ᠮᠠᠰᠢ ᠣᠯᠠᠨ ᠮᠡᠷᠭᠡᠵᠢᠯ ᠤᠨ ᠴᠢᠨᠠᠷ ᠲᠠᠢ ᠲᠤᠰᠬᠠᠢ ᠠᠷᠭ᠎ᠠ ᠪᠠᠷᠢᠯ ᠬᠡᠪᠰᠢᠮᠡᠯ ᠵᠢᠷᠤᠮ ᠲᠠᠢ ᠪᠠᠶᠢᠳᠠᠭ ᠁            2᠂ ᠪᠤᠭᠤ ᠶᠢᠨ ᠠᠩ᠄ ᠦᠵᠦᠮᠦᠴᠢᠨ ᠳᠤ ᠪᠤᠭᠤ ᠶᠢᠨ ᠠᠩ ᠢ ᠡᠷᠲᠡᠨ ᠠᠴᠠ ᠵᠣᠬᠢᠬᠤ ᠬᠡᠪᠴᠢᠶ᠎ᠡ ᠪᠠᠷ ᠬᠢᠳᠡᠭ ᠪᠠᠶᠢᠵᠠᠢ᠃ ᠲᠡᠳᠡᠨ ᠤ ᠪᠤᠭᠤ ᠶᠢᠨ ᠠᠩ ᠬᠢᠬᠦ ᠨᠢ ᠤᠯᠠᠷᠢᠯ ᠤᠨ ᠴᠢᠨᠠᠷ ᠲᠠᠢ᠂ ᠲᠣᠭᠲᠠᠭᠰᠠᠨ ᠵᠣᠷᠢᠯᠭ᠎ᠠ ᠲᠠᠢ ᠂ ᠬᠢᠵᠠᠭᠠᠷ ᠲᠠᠢ ᠪᠠᠶᠢᠳᠠᠭ᠃            ᠪᠤᠭᠤ᠂ ᠦᠵᠦᠮᠦᠴᠢᠨ ᠤ ᠣᠢ ᠰᠢᠭᠤᠢ ᠲᠠᠢ᠂ ᠬᠢᠩᠭ᠎ᠠ ᠠᠭᠤᠯᠠᠷᠬᠠᠭ ᠣᠷᠣᠨ ᠢᠶᠠᠷ ᠨᠡᠶᠢᠳᠡᠮ ᠥᠰᠴᠦ ᠦᠷᠡᠵᠢᠳᠡᠭ᠃ ᠦᠵᠦᠮᠦᠴᠢᠨ ᠮᠣᠩᠭᠤᠯᠴᠤᠳ ᠲᠡᠭᠦᠨ ᠢ ︽ᠲᠣᠷᠤᠭ︾ ᠭᠡᠵᠦ ᠪᠠᠰᠠ ᠨᠡᠷᠡᠯᠡᠳᠡᠭ᠃ ᠭᠤᠣᠯ ᠨᠢ ᠬᠤᠣᠰ ᠬᠤᠣᠰ ᠢᠶᠠᠷ ᠠᠮᠢᠳᠤᠷᠠᠵᠤ᠂ ᠡᠪᠦᠯ ᠬᠠᠪᠤᠷ ᠲᠠᠭᠠᠨ ᠠᠷᠪᠠᠭᠠᠳ ᠢᠶᠠᠷ ᠰᠦᠷᠦᠭᠯᠡᠵᠦ᠂ ᠰᠦᠷᠦᠭ ᠰᠦᠷᠦᠭ  ᠢᠶᠠᠷ ᠶᠠᠪᠤᠳᠠᠭ ᠴᠦ ᠪᠠᠶᠢᠳᠠᠭ᠃ ᠲᠡᠷᠡ ᠨᠢ ᠥᠨᠳᠥᠷ ᠨᠠᠰᠤᠲᠠᠢ᠂ ᠠᠭᠤᠯᠠ ᠤᠰᠤ ᠨᠤᠲᠤᠭ ᠤᠨ ᠴᠢᠮᠡᠭ ᠭᠤᠶᠣ ᠠᠮᠢᠲᠠᠨ ᠪᠣᠯᠣᠨ᠎ᠠ᠃            ᠪᠠᠰᠠᠴᠤ ᠪᠤᠭᠤ ᠶᠢᠨ ᠴᠢᠰᠤᠨ ᠡᠪᠡᠷ ᠁ ᠵᠡᠷᠭᠡ ᠪᠦᠬᠦ ᠪᠡᠶ᠎ᠡ ᠨᠢ ᠬᠤᠪᠣᠷ ᠦᠨᠡᠲᠦ ᠡᠷᠳᠡᠨᠢ ᠪᠠᠶᠢᠳᠠᠭ᠃ ᠲᠡᠭᠦᠨ ᠤ ᠡᠶᠢᠮᠦᠷᠬᠦ ᠣᠨᠴᠠᠯᠢᠭ ᠠᠴᠠ ᠪᠣᠯᠵᠤ ᠦᠵᠦᠮᠦᠴᠢᠨ ᠳᠤ ᠡᠷᠲᠡ ᠳᠡᠭᠡᠳᠦ ᠠᠴᠠ ᠪᠠᠨ ᠪᠤᠭᠤ ᠶᠢ ᠬᠠᠮᠠᠭᠠᠯᠠᠬᠤ ᠪᠠ ᠠᠩᠨᠠᠬᠤ ᠶᠢ ᠵᠣᠬᠢᠰᠲᠠᠢ ᠤᠶᠠᠯᠳᠤᠭᠤᠯᠵᠤ᠂ ᠬᠠᠮᠠᠭᠠᠯᠠᠬᠤ ᠪᠠᠷ ᠭᠤᠣᠯ ᠪᠣᠯᠭᠠᠵᠤ ᠠᠩᠨᠠᠬᠤ ᠶᠢ ᠳᠠᠭᠠᠯᠳᠤᠭᠤᠯᠵᠤ ᠢᠷᠠᠵᠠᠢ᠃ ︽ᠪᠤᠭᠤ ᠤᠷᠲᠤ ᠨᠠᠰᠤᠲᠠᠢ ᠠᠮᠢᠲᠠᠨ ᠪᠤᠭᠤ ᠶᠢ ᠪᠦᠦ ᠬᠠᠮᠢᠭ᠎ᠠ ᠨᠠᠮᠢᠶ᠎ᠠ ᠦᠭᠡᠢ ᠠᠯᠠ ᠮᠠᠭᠤ ᠢᠷᠸ᠎ᠠ ᠶᠤᠮ︾ ᠭᠡᠳᠡᠭ ᠪᠣᠯ ᠦᠵᠦᠮᠦᠴᠢᠨ ᠮᠣᠩᠭᠤᠯᠴᠤᠳ ᠤᠨ ᠨᠡᠶᠢᠭᠡᠮ ᠨᠡᠶᠢᠲᠡ ᠪᠠᠷ ᠢᠶᠠᠨ ᠪᠤᠭᠤ ᠶᠢ ᠬᠠᠮᠠᠭᠠᠯᠠᠬᠤ ᠶᠢ ᠪᠠᠷᠢᠮᠵᠢᠶᠠᠯᠠᠭᠰᠠᠨ ︽ᠴᠡᠭᠡᠷ ᠬᠤᠷᠢᠭ᠎ᠠ︾ ᠪᠣᠯᠣᠨ᠎ᠠ᠃  ᠡᠶᠢᠮᠦ ᠴᠡᠭᠡᠷ ᠶᠣᠰᠣ ᠲᠠᠢ ᠠᠴᠠ ᠦᠵᠦᠮᠦᠴᠢᠨ ᠳᠤ ᠡᠩ ᠤᠨ ᠪᠠᠶᠢᠳᠠᠯ ᠤᠨ ᠳᠣᠣᠷ᠎ᠠ ᠪᠤᠭᠤ ᠠᠩᠨᠠᠳᠠᠭ ᠦᠭᠡᠢ᠂ ᠪᠤᠭᠤ ᠲᠡᠨᠳᠡ ᠲᠣᠩ ᠰᠠᠶᠢᠬᠠᠨ ᠦᠷᠡᠵᠢᠵᠦ ᠥᠰᠴᠦ ᠪᠠᠶᠢᠵᠠᠢ᠃            ᠭᠡᠪᠡᠴᠦ᠂ ᠦᠵᠦᠮᠦᠴᠢᠨ ᠳᠤ ᠪᠠᠰᠠ ᠵᠣᠬᠢᠰᠲᠠᠢ ᠴᠠᠭ᠂ ᠬᠡᠷᠡᠭᠴᠡᠭᠡ ᠲᠠᠢ ᠦᠶ᠎ᠡ ᠳᠤ ᠡᠷᠲᠡ ᠳᠡᠭᠡᠨ ᠪᠤᠭᠤ  ᠶᠢ ᠠᠩᠨᠠᠵᠤ ᠠᠯᠠᠵᠤ ᠠᠰᠢᠭᠯᠠᠵᠤ ᠪᠠᠶᠢᠵᠠᠢ᠃ ᠥᠭᠡᠷ᠎ᠡ ᠪᠠᠷ ᠬᠡᠯᠡᠪᠡᠯ ᠦᠵᠦᠮᠦᠴᠢᠨ ᠤ ᠪᠤᠭᠤ ᠶᠢᠨ ᠠᠩ ᠪᠣᠯ ᠴᠠᠭ  ᠲᠠᠢ᠂ ᠬᠡᠮᠵᠢᠶ᠎ᠡ ᠲᠠᠢ᠂ ᠠᠰᠢᠭᠲᠠᠢ ᠬᠢᠳᠡᠭ ᠠᠩ ᠪᠠᠶᠢᠭᠰᠠᠨ ᠪᠠᠶᠢᠨ᠎ᠠ᠃ ᠲᠡᠳᠡ ᠠᠷᠠᠰᠤ ᠮᠢᠬ᠎ᠠ ᠶᠢᠨ ᠬᠡᠷᠡᠭᠴᠡᠭᠡᠨ  ᠳᠤ ᠪᠤᠭᠤ ᠶᠢ ᠠᠩᠨᠠᠬᠤ ᠪᠢᠰᠢ᠂ ᠨᠡᠩ ᠴᠤ ᠰᠤᠭᠤ ᠭᠤᠨ᠎ᠠ ᠭᠤᠨᠵᠢ ᠪᠠᠷᠢᠭᠤ ᠨᠥᠷᠦᠭᠡ ᠶᠢ ᠠᠩᠨᠠᠬᠤ ᠦᠭᠡᠢ᠂ ᠵᠥᠪᠬᠡᠨ 5 ᠰᠠᠷ᠎ᠠ ᠶᠢᠨ ᠦᠶ᠎ᠡ ᠳᠤ ᠪᠤᠭᠤ ᠶᠢᠨ ᠴᠢᠰᠤᠨ ᠡᠪᠡᠷ ᠤᠷᠭᠤᠭᠰᠠᠨ ᠦᠶ᠎ᠡ ᠳᠤ ᠰᠠᠶ᠋ᠢ ᠪᠤᠭᠤ ᠠᠩᠨᠠᠨ᠎ᠠ᠃ ᠠᠩᠨᠠᠬᠤ ᠳᠠᠭᠠᠨ᠄ ︽ᠠᠷᠪᠠᠨ ᠰᠠᠯᠠᠭ᠎ᠠ ᠡᠪᠡᠷ ᠲᠠᠢ ᠪᠤᠭᠤ ᠶᠢ ᠠᠯᠠᠪᠠᠯ ᠠᠩ ᠤᠨ ᠳᠡᠭᠡᠳᠦ︾ ᠭᠡᠵᠦ ᠶᠡᠷᠦ ᠡᠪᠡᠷ ᠤᠨ ᠰᠠᠯᠠᠭ᠎ᠠ ᠨᠢ ᠣᠯᠠᠨ ᠬᠥᠭᠰᠢᠨ ᠶᠡᠬᠡᠴᠡᠬᠡᠯ ᠪᠤᠭᠤ ᠪᠠᠷ ᠭᠤᠣᠯ ᠪᠣᠯᠭᠠᠵᠤ ᠫᠤᠤ ᠪᠠᠷ ᠠᠩᠨᠠᠨ᠎ᠠ᠃            ᠫᠤᠤᠳᠠᠬᠤ ᠳᠠᠭᠠᠨ ᠴᠢᠰᠤᠨ ᠡᠪᠡᠷ ᠢ ᠬᠠᠮᠠᠭᠠᠯᠠᠵᠤ᠂ ᠲᠣᠯᠣᠭᠠᠢ᠂ ᠤᠯᠠᠶᠢᠬᠤ ᠰᠤᠭᠤ ᠶᠢ ᠫᠤᠤᠳᠠᠬᠤ ᠶᠢ ᠴᠡᠭᠡᠷᠯᠡᠨ᠎ᠡ᠃ ᠬᠦᠨᠳᠦ ᠰᠢᠷᠬ᠎ᠠ ᠥᠭᠴᠦ ᠪᠠᠶᠢᠭᠠᠳ ᠪᠠᠷᠢᠵᠤ ᠠᠪᠴᠤ ᠠᠯᠠᠵᠤ᠂ ᠡᠪᠡᠷ ᠢ ᠨᠢ ᠲᠤᠰᠬᠠᠢ ᠠᠪᠴᠤ ᠶᠠᠪᠤᠵᠤ ᠪᠠᠶᠢᠭᠰᠠᠨ ᠪᠢᠴᠢᠬᠠᠨ ᠭᠠᠩ ᠰᠦᠬᠡ ᠪᠠᠷ ᠭᠠᠪᠠᠯᠠ ᠶᠢᠨ ᠶᠠᠰᠤ ᠲᠠᠢ ᠴᠠᠪᠴᠢᠵᠤ ᠰᠠᠶᠢᠬᠠᠨ ᠠᠪᠤᠨ᠎ᠠ᠃              ᠪᠤᠭᠤ ᠶᠢᠨ ᠡᠪᠡᠷ ᠢ ᠠᠪᠤᠭᠰᠠᠨ ᠤ ᠳᠠᠷᠠᠭ᠎ᠠ᠂ ᠲᠡᠷᠡ ᠳᠣᠣᠷ᠎ᠠ ᠨᠢ ᠭᠡᠮᠲᠦᠭᠡᠬᠦ ᠦᠭᠡᠢ ᠰᠠᠶᠢᠬᠠᠨ ᠪᠣᠯᠪᠠᠰᠤᠷᠠᠭᠤᠯᠤᠨ ᠬᠠᠲᠠᠭᠠᠵᠤ᠂ ᠣᠷᠣᠨ ᠨᠤᠲᠤᠭ ᠲᠠᠭᠠᠨ ᠮᠣᠩᠭᠤᠯ ᠡᠮ ᠳᠤ ᠬᠡᠷᠡᠭᠯᠡᠬᠦ ᠪᠤᠶᠤ ᠶᠡᠭᠡ ᠬᠤᠲᠠᠨ ᠳᠤ ᠠᠪᠠᠴᠢᠵᠤ ᠲᠠᠸᠠᠷᠯᠠᠵᠤ ᠬᠤᠳᠠᠯᠳᠤᠵᠤ ᠪᠠᠶᠢᠵᠠᠢ᠃ ᠡᠭᠦᠨ ᠠᠴᠠ ᠦᠵᠡᠬᠦ ᠳᠤ᠂ ᠲᠤᠬᠠᠢ ᠶᠢᠨ ᠦᠶ᠎ᠡ ᠶᠢᠨ ᠪᠤᠭᠤ  ᠶᠢᠨ ᠡᠪᠡᠷ ᠢ ᠠᠪᠴᠤ ᠪᠣᠯᠪᠠᠰᠤᠷᠠᠭᠤᠯᠬᠤ ᠮᠡᠷᠭᠡᠵᠢᠯ᠂ ᠦᠵᠦᠮᠦᠴᠢᠨ ᠳᠤ ᠠᠯᠢ ᠡᠷᠲᠡᠨ ᠠᠴᠠ ᠤᠯᠠᠮᠵᠢᠯᠠᠯ ᠲᠠᠢ ᠪᠥᠭᠡᠳ ᠲᠣᠩ ᠥᠨᠳᠥᠷ ᠬᠡᠮᠵᠢᠶᠡᠨ ᠳᠤ ᠬᠦᠷᠦᠭᠰᠡᠨ ᠪᠠᠶᠢᠨ᠎ᠠ᠃            ᠦᠵᠦᠮᠦᠴᠢᠨ ᠤ ᠲᠡᠦᠬᠡᠨ ᠳᠠᠬᠢ ᠤᠯᠠᠮᠵᠢᠯᠠᠯᠲᠤ ᠪᠤᠭᠤ ᠶᠢᠨ ᠠᠩ ᠠᠩᠨᠠᠭᠤᠷ ᠨᠢ ᠰᠢᠭᠤᠳ ᠣᠷᠣᠨ ᠨᠤᠲᠤᠭ  ᠤᠨ ᠡᠮᠨᠡᠯᠭᠡ ᠶᠢᠨ ᠪᠤᠶᠤ ᠡᠰᠡᠬᠦᠯ᠎ᠡ ᠲᠠᠸᠠᠷ ᠤᠨ ᠬᠡᠷᠡᠭᠴᠡᠭᠡᠨ ᠠᠴᠠ ᠪᠣᠯᠣᠭᠰᠠᠨ ᠬᠡᠮᠵᠢᠶ᠎ᠡ ᠲᠠᠢ᠂ ᠴᠠᠭ ᠬᠤᠭᠤᠴᠠᠭ᠎ᠠ  ᠲᠠᠢ ᠦᠢᠯᠡᠳᠪᠦᠷᠢᠯᠡᠯ ᠤᠨ ᠠᠵᠢᠯᠯᠠᠭ᠎ᠠ ᠶᠢᠨ ᠠᠩ ᠪᠠᠶᠢᠵᠠᠢ᠃            3᠂ ᠦᠨᠡᠭᠡ ᠶᠢᠨ ᠠᠩ᠄ ᠦᠵᠦᠮᠦᠴᠢᠨ ᠳᠤ ᠡᠷᠲᠡᠨ ᠳᠡᠭᠡᠨ ᠦᠨᠡᠭᠡ ᠶᠢᠨ ᠠᠩ ᠢ ᠶᠡᠭᠡ ᠬᠢᠳᠡᠭ᠃ ᠭᠡᠬᠦ  ᠳᠡᠭᠡᠨ ᠤᠯᠠᠷᠢᠯ ᠤᠨ ᠴᠢᠨᠠᠷ ᠲᠠᠢ ᠬᠢᠳᠡᠭ᠃ ᠡᠨᠡ ᠨᠢ ᠨᠠᠮᠤᠷ ᠤᠨ ᠰᠡᠭᠦᠯ ᠰᠠᠷ᠎ᠠ ᠶᠢᠨ ᠡᠬᠢ ᠠᠴᠠ ᠡᠪᠦᠯ ᠤᠨ ᠳᠤᠮᠳᠠ ᠰᠠᠷ᠎ᠠ ᠬᠦᠷᠲᠡᠯ᠎ᠡ ᠪᠠᠷᠤᠭ 3 ᠰᠠᠷ᠎ᠠ ᠣᠷᠴᠢᠮ ᠶᠠᠪᠤᠭᠳᠠᠨ᠎ᠠ᠃ ᠦᠨᠡᠭᠡᠨ ᠠᠩ ᠨᠢ ᠲᠤᠰᠬᠠᠢ ᠠᠵᠤ ᠠᠬᠤᠢ  ᠶᠢᠨ ᠰᠢᠨᠵᠢ ᠴᠢᠨᠠᠷ ᠲᠠᠢ ᠶᠠᠪᠤᠭᠤᠯᠳᠠᠭ ᠠᠩ ᠠᠩᠨᠠᠭᠤᠷ ᠤᠨ ᠦᠢᠯᠡᠰ ᠪᠣᠯᠣᠨ᠎ᠠ᠃            ᠦᠵᠦᠮᠦᠴᠢᠨ ᠳᠤ ᠦᠨᠡᠭᠡᠨ ᠠᠷᠠᠰᠤ ᠪᠠᠷ ᠳᠡᠭᠡᠳᠦ ᠳᠡᠰ ᠤᠨ ᠭᠤᠶᠣ ᠳᠤᠯᠠᠭᠠᠨ ᠤᠶᠠᠯᠳᠤᠭᠰᠠᠨ ᠦᠨᠡᠭᠡᠨ ᠮᠠᠯᠠᠭ᠎ᠠ ᠬᠢᠳᠡᠭ᠃ ᠴᠢᠨᠠᠭᠰᠢᠯᠠᠪᠠᠯ ᠥᠨᠳᠥᠷ ᠳᠡᠰ ᠤᠨ ᠡᠪᠦᠯ ᠤᠨ ᠬᠤᠪᠴᠠᠰᠤ ᠬᠢᠨ᠎ᠡ᠃ ᠨᠡᠩ ᠣᠨᠴᠠᠭᠠᠶᠢᠯᠠᠨ ᠭᠠᠳᠠᠷ ᠣᠷᠣᠨ ᠤ ᠠᠷᠠᠯᠵᠢᠶ᠎ᠠ ᠮᠠᠶᠢᠮᠠᠶᠢᠴᠢᠨ ᠲᠠᠢ ᠲᠠᠸᠠᠷᠯᠠᠵᠤ᠂ ᠡᠳ᠋ ᠪᠣᠳᠠᠰ ᠤᠨ ᠰᠣᠯᠢᠯᠴᠠᠭ᠎ᠠ ᠬᠢᠨ᠎ᠡ᠃ ᠲᠡᠦᠬᠡᠨ  ᠳᠤ ᠦᠵᠦᠮᠦᠴᠢᠨ ᠮᠣᠩᠭᠤᠯᠴᠤᠳ ᠦᠨᠡᠭᠡᠨ ᠠᠷᠠᠰᠤ ᠶᠢ ᠳᠣᠯᠣᠨᠨᠠᠭᠤᠷ᠂ ᠪᠡᠭᠡᠵᠢᠩ᠂ ᠵᠢᠩᠵᠸᠤ ᠵᠡᠷᠭᠡ ᠭᠠᠵᠠᠷ ᠤᠨ ᠮᠠᠶᠢᠮᠠᠢ ᠳᠤ ᠬᠤᠳᠠᠯᠳᠤᠵᠤ᠂ ᠴᠠᠭᠠᠨ ᠵᠣᠭᠤᠰ᠂ ᠲᠣᠷᠭ᠎ᠠ ᠳᠤᠷᠳᠤᠩ᠂ ᠪᠤᠯᠢᠭᠠᠷᠢ᠂ ᠬᠠᠳᠠᠭ ᠵᠡᠷᠭᠡ ᠬᠤᠪᠣᠷ ᠨᠠᠨᠳᠢᠨ ᠡᠳ᠋ ᠪᠣᠳᠠᠰ ᠢ ᠰᠣᠯᠢᠯᠴᠠᠳᠠᠭ ᠪᠥᠭᠡᠳ ᠠᠶᠠᠨ ᠲᠠᠷᠢᠶ᠎ᠠ ᠪᠠᠷ ᠭᠠᠳᠠᠭᠰᠢ ᠬᠤᠲᠠ ᠪᠠᠯᠭᠠᠰᠤ ᠳᠤ ᠣᠷᠣᠬᠤ ᠳᠠᠭᠠᠨ ᠠᠪᠴᠤ ᠲᠠᠸᠠᠷᠯᠠᠨ ᠪᠣᠳᠠᠰ ᠤᠨ ᠰᠣᠯᠢᠯᠴᠠᠭ᠎ᠠ ᠬᠢᠳᠡᠭ᠃            ᠦᠵᠦᠮᠦᠴᠢᠨ ᠤ ᠦᠨᠡᠭᠡᠨ ᠠᠩ ᠠᠩᠨᠠᠭᠤᠷ ᠤᠨ ᠠᠵᠤ ᠠᠬᠤᠢ ᠪᠣᠯ ᠪᠠᠰᠠ ᠪᠡᠶ᠎ᠡ ᠪᠠᠨ ᠳᠠᠭᠠᠭᠠᠭᠰᠠᠨ ᠠᠷᠭ᠎ᠠ ᠪᠠᠷᠢᠯ ᠶᠣᠰᠣ ᠳᠦᠷᠢᠮ ᠤᠨ ᠳᠣᠣᠷ᠎ᠠ ᠶᠠᠪᠤᠭᠳᠠᠳᠠᠭ᠃ ᠨᠠᠮᠤᠷ ᠡᠪᠦᠯ ᠠᠴᠠ ᠥᠭᠡᠷ᠎ᠡ ᠤᠯᠠᠷᠢᠯ ᠳᠤ ᠠᠩᠨᠠᠳᠠᠭ ᠦᠭᠡᠢ᠃ ᠦᠨᠡᠭᠡ ᠶᠢ ᠨᠣᠬᠠᠢ ᠪᠠᠷ ᠭᠤᠣᠯ ᠠᠩᠨᠠᠳᠠᠭ᠃ ᠦᠨᠡᠭᠡ ᠶᠢᠨ ᠠᠩ ᠪᠣᠯ ᠮᠡᠷᠭᠡᠵᠢᠯ ᠤᠨ ᠴᠢᠨᠠᠷ ᠲᠠᠢ᠂ ᠤᠷᠠᠯᠢᠭ ᠤᠨ ᠴᠢᠨᠠᠷ ᠲᠠᠢ ᠠᠩ ᠶᠤᠮ᠃             ᠦᠨᠡᠭᠡᠨ ᠠᠩ ᠢ ᠬᠠᠷᠠᠭᠠᠨ ᠳᠤ ᠰᠠᠭᠤᠬᠤ᠂ ᠬᠥᠭᠡᠭᠡᠯᠭᠡᠬᠦ᠂ ᠮᠥᠷᠳᠡᠬᠦ᠂ ᠨᠦᠬᠡ ᠤᠲᠤᠬᠤ᠂ ᠳᠠᠮᠵᠢᠭᠤᠯᠵᠤ ᠨᠣᠬᠠᠢ ᠲᠠᠯᠪᠢᠬᠤ ᠵᠡᠷᠭᠡ ᠣᠯᠠᠨ ᠬᠡᠯᠪᠡᠷᠢ ᠲᠠᠢ ᠵᠣᠬᠢᠶᠠᠨ ᠪᠠᠶᠢᠭᠤᠯᠵᠤ ᠶᠠᠪᠤᠭᠤᠯᠳᠠᠭ᠃ ᠡᠨᠡ ᠨᠢ ᠬᠥᠮᠥᠰ ᠤᠨ ᠤᠷᠢ ᠤᠬᠠᠭᠠᠨ ᠤᠷᠠᠨ ᠮᠡᠷᠭᠡᠵᠢᠯ ᠢ ᠰᠢᠯᠭᠠᠳᠠᠭ ᠠᠩ ᠪᠠᠶᠢᠵᠠᠢ᠃ ᠡᠭᠦᠨ ᠢ ᠦᠨᠡᠭᠡ ᠠᠩᠨᠠᠬᠤ ᠬᠥᠮᠥᠨ ᠦᠨᠡᠭᠡᠨ ᠠᠴᠠ ᠢᠯᠡᠭᠦᠦ ᠠᠷᠭ᠎ᠠ ᠲᠠᠢ ᠪᠠᠶᠢᠬᠤ ᠬᠡᠷᠡᠭᠲᠡᠢ ᠭᠡᠳᠡᠭ᠃ ᠦᠨᠡᠭᠡ ᠶᠢ ᠪᠠᠰᠠ ᠫᠤᠤ ᠪᠠᠷ ᠠᠩᠨᠠᠵᠤ ᠠᠯᠠᠳᠠᠭ᠃ ᠦᠨᠡᠭᠡ ᠫᠤᠤᠳᠠᠬᠤ ᠪᠣᠯ ᠪᠠᠰᠠ ᠭᠠᠶᠢᠬᠠᠮᠰᠢᠭᠲᠤ ᠮᠡᠷᠭᠡᠵᠢᠯ ᠣᠷᠣᠳᠠᠭ᠃ ᠮᠡᠷᠭᠡᠨ ᠫᠤᠤᠴᠢ ᠶᠢᠨ ᠴᠠᠴᠠᠨ ᠬᠠᠷᠪᠤᠯᠭ᠎ᠠ ᠪᠠᠶᠢᠳᠠᠭ᠃ ᠫᠤᠤ ᠪᠠᠷ ᠦᠨᠡᠭᠡ ᠠᠯᠠᠬᠤ ᠨᠢ ᠠᠷᠠᠰᠤᠨ ᠳᠤ ᠠᠰᠢᠭ ᠲᠠᠢ᠃              ᠬᠢᠷᠰᠠ ᠱᠠᠬᠠᠷ ᠡᠯᠪᠡᠩᠬᠦ ᠶᠢᠨ ᠠᠩ ᠪᠣᠯ ᠦᠨᠡᠭᠡ ᠶᠢᠨ ᠠᠩ ᠲᠠᠢ ᠬᠥᠯ ᠨᠢᠭᠡᠲᠡᠢ ᠪᠥᠭᠡᠳ ᠦᠨ᠎ᠡ ᠥᠷᠳᠡᠭ  ᠨᠢ ᠠᠳᠠᠯᠢ᠃ ᠡᠳᠡᠭᠡᠷ ᠠᠩᠨᠠᠯ ᠪᠣᠯ ᠬᠡᠷᠡᠭ ᠳᠡᠭᠡᠷ᠎ᠡ ᠪᠠᠨ ᠪᠦᠷ ᠠᠵᠤ ᠠᠬᠤᠢ ᠦᠢᠯᠡᠳᠪᠦᠷᠢᠯᠡᠯ ᠤᠨ ᠴᠢᠨᠠᠷ ᠲᠠᠢ ᠠᠩ ᠤᠨ ᠠᠵᠢᠯᠯᠠᠭ᠎ᠠ ᠶᠤᠮ᠃            4᠂ ᠭᠠᠭ᠋ᠠᠢ ᠶᠢᠨ ᠠᠩ᠄ ᠭᠠᠭ᠋ᠠᠢ ᠶᠢᠨ ᠠᠩ ᠪᠣᠯ ᠦᠵᠦᠮᠦᠴᠢᠨ ᠤ ᠪᠠᠰᠠ ᠨᠢᠭᠡ ᠤᠯᠠᠷᠢᠯ ᠤᠨ ᠴᠢᠨᠠᠷ ᠲᠠᠢ ᠬᠢᠳᠡᠭ ᠤᠯᠠᠮᠵᠢᠯᠠᠯᠲᠤ ᠠᠩ ᠪᠣᠯᠣᠨ᠎ᠠ᠃ ᠭᠠᠭ᠋ᠠᠢ ᠶᠢᠨ ᠠᠩ ᠢ ᠠᠳᠡ ᠡᠪᠦᠯ ᠤᠨ ᠡᠬᠢ ᠪᠠ ᠲᠦᠷᠦᠭᠦᠦ ᠴᠠᠰᠤ ᠣᠷᠣᠬᠤ ᠦᠶ᠎ᠡ ᠳᠤ ᠭᠤᠣᠯ ᠬᠢᠵᠦ ᠡᠬᠢᠯᠡᠨ᠎ᠡ᠃ ᠪᠠᠷᠤᠭ 1 ~ 2 ᠰᠠᠷ᠎ᠠ ᠶᠢᠨ ᠬᠤᠭᠤᠴᠠᠭ᠎ᠠ ᠶᠠᠪᠤᠭᠳᠠᠳᠠᠭ᠃ ᠭᠤᠣᠯ ᠨᠢ ᠪᠠᠶᠢᠭᠠᠯᠢᠭ ᠰᠠᠶᠢᠬᠠᠨ ᠬᠡᠭᠡᠷ᠎ᠡ ᠶᠢᠨ ᠠᠮᠢᠲᠠᠨ ᠤ ᠮᠢᠬ᠎ᠠ ᠪᠠᠷ ᠤᠯᠠᠭᠠᠨ ᠢᠳᠡᠭᠡᠨ ᠤ ᠨᠥᠬᠦᠪᠦᠷᠢ ᠪᠣᠯᠭᠠᠵᠤ ᠂ ᠮᠢᠬᠠᠨ ᠤ ᠬᠡᠷᠡᠭᠴᠡᠭᠡ ᠶᠢ ᠬᠠᠩᠭᠠᠬᠤ ᠠᠵᠤ ᠠᠬᠤᠢ ᠶᠢᠨ ᠵᠣᠷᠢᠯᠭ᠎ᠠ ᠪᠠᠷ ᠲᠤᠰ ᠠᠩ ᠢ ᠬᠢᠨ᠎ᠡ᠃              ᠦᠵᠦᠮᠦᠴᠢᠨ ᠤ ᠭᠠᠭ᠋ᠠᠢ ᠶᠢᠨ ᠠᠩ ᠪᠠᠰᠠ ᠥᠪᠡᠷᠮᠢᠴᠡ ᠣᠨᠴᠠᠯᠢᠭ ᠲᠠᠢ᠃ ᠡᠨᠡ ᠠᠩ ᠬᠡᠭᠡᠷ᠎ᠡ ᠶᠢᠨ ᠭᠠᠭ᠋ᠠᠢ  ᠶᠢ ᠬᠠᠮᠠᠭᠠᠯᠠᠬᠤ ᠪᠠ ᠠᠰᠢᠭᠯᠠᠬᠤ ᠬᠤᠶᠠᠷ ᠲᠠᠯ᠎ᠠ ᠤᠶᠠᠯᠳᠤᠭᠰᠠᠨ ᠤᠷᠢᠳᠠᠯ ᠤᠨ ᠳᠣᠣᠷ᠎ᠠ ᠶᠠᠪᠤᠭᠳᠠᠳᠠᠭ᠃              ᠭᠠᠭ᠋ᠠᠢ ᠶᠢᠨ ᠠᠩ ᠢ ᠫᠤᠤ ᠪᠠᠷ ᠠᠩᠨᠠᠬᠤ᠂ ᠨᠣᠬᠠᠢ ᠪᠠᠷ ᠠᠩᠨᠠᠬᠤ ᠭᠡᠵᠦ ᠬᠤᠶᠠᠷ ᠵᠦᠢᠯ ᠤᠨ ᠠᠷᠭ᠎ᠠ ᠳᠤ ᠬᠤᠪᠢᠶᠠᠨ᠎ᠠ᠃ ᠡᠨᠡ ᠬᠤᠶᠠᠷ ᠵᠦᠢᠯ ᠤᠨ ᠠᠩᠨᠠᠯ ᠤᠨ ᠠᠷᠭ᠎ᠠ ᠨᠢ ᠲᠤᠰ ᠲᠤᠰ ᠲᠠᠭᠠᠨ ᠥᠪᠡᠷ ᠤᠨ ᠣᠨᠴᠠᠯᠢᠭ ᠬᠡᠯᠪᠡᠷᠢ ᠲᠠᠢ ᠪᠥᠭᠡᠳ ᠪᠦᠷ ᠲᠣᠩ ᠰᠣᠨᠢᠷᠬᠠᠯ ᠲᠠᠢ᠂ ᠰᠠᠶᠢᠬᠠᠨ ᠮᠥᠷᠲᠡᠭᠡᠨ ᠪᠠᠰᠠ ᠲᠤᠶᠢᠯ ᠤᠨ ᠪᠡᠷᠬᠡ ᠬᠠᠲᠠᠭᠤ ᠪᠠᠶᠢᠳᠠᠭ ᠶᠤᠮ᠃            ᠭᠠᠭ᠋ᠠᠢ ᠠᠩᠨᠠᠬᠤ ᠳᠤ ᠭᠠᠭ᠋ᠠᠢ ᠶᠢ ᠢᠳᠡ ᠲᠠᠷᠭᠤ ᠲᠠᠢ ᠦᠶ᠎ᠡ ᠳᠤ ᠠᠩᠨᠠᠵᠤ᠂ ᠲᠠᠷᠭᠤ ᠪᠤᠴᠠᠭᠰᠠᠭᠠᠷ ᠵᠣᠭᠰᠣᠳᠠᠭ᠃ ᠡᠶᠢᠮᠦ ᠠᠴᠠ ᠤᠯᠠᠷᠢᠯ ᠤᠨ ᠴᠢᠨᠠᠷ ᠲᠠᠢ ᠪᠠᠶᠢᠳᠠᠭ ᠨᠢ ᠡᠨᠡ ᠤᠴᠢᠷ᠂ ᠠᠩᠨᠠᠬᠤ ᠳᠠᠭᠠᠨ ᠪᠦᠳᠦᠭᠦᠨ ᠮᠡᠷᠭᠡᠨ ᠰᠡᠵᠢᠭᠦᠷ — ᠠᠵᠢᠭ᠎ᠠ ᠭᠠᠭ᠋ᠠᠢ᠂ ᠡᠷ᠎ᠡ ᠰᠤᠪᠠᠢ ᠪᠠᠷ ᠭᠤᠣᠯᠯᠠᠵᠤ᠂ ᠪᠤᠰᠤᠳ ᠲᠥᠷᠥᠯ ᠢ ᠳᠠᠭᠠᠯᠳᠤᠭᠤᠯᠤᠨ᠎ᠠ᠃ ᠢᠩᠭᠢᠵᠦ ᠠᠩᠨᠠᠬᠤ ᠨᠢ ᠭᠠᠭ᠋ᠠᠢ ᠶᠢᠨ ᠠᠩ ᠤᠨ ᠬᠡᠪᠴᠢᠶ᠎ᠡ ᠶᠢ ᠬᠢᠵᠠᠭᠠᠷ ᠲᠠᠢ ᠪᠠᠶᠢᠯᠭᠠᠵᠤ ᠪᠠᠶᠢᠭᠠᠯᠢ ᠶᠢᠨ ᠡᠬᠡ ᠪᠠᠶᠠᠯᠢᠭ ᠢᠶᠠᠨ ᠠᠰᠢᠭᠯᠠᠬᠤ ᠪᠠ ᠬᠠᠮᠠᠭᠠᠯᠠᠬᠤ ᠬᠤᠶᠠᠷ ᠲᠠᠯ᠎ᠠ ᠠᠴᠠ ᠲᠣᠭᠲᠠᠭᠠᠭᠳᠠᠵᠠᠢ᠃            ᠭᠠᠭ᠋ᠠᠢ᠂ ᠬᠤᠶᠠᠷ ᠦᠵᠦᠮᠦᠴᠢᠨ ᠬᠤᠰᠢᠭᠤᠨ ᠤ ᠡᠮᠦᠨ᠎ᠡ ᠪᠡᠶ᠎ᠡ ᠶᠢᠨ ᠰᠦᠷᠯᠢᠭ ᠥᠨᠳᠥᠷ ᠬᠢᠩᠭᠠᠨ ᠳᠠᠪᠠᠭᠠᠨ  ᠤ ᠬᠥᠪᠴᠢ ᠪᠠᠷ᠂ ᠪᠠᠷᠲᠠᠭᠠᠲᠤ ᠭᠠᠵᠠᠷ᠂ ᠢᠭᠴᠤ ᠰᠢᠭᠤᠢ ᠪᠠᠷ ᠭᠤᠣᠯᠯᠠᠨ ᠪᠠᠶᠢᠵᠤ᠂ ᠡᠷᠲᠡ ᠳᠡᠭᠡᠨ ᠭᠠᠭ᠋ᠠᠢ ᠡᠯᠡᠰᠦ  ᠪᠠᠷ ᠴᠦ ᠨᠡᠶᠢᠳᠡᠮ ᠣᠷᠣᠰᠢᠨ ᠲᠣᠭᠲᠠᠨᠢᠵᠤ ᠪᠠᠶᠢᠵᠠᠢ᠃ ᠭᠠᠭ᠋ᠠᠢ᠂ ᠮᠢᠬ᠎ᠠ ᠭᠠᠷᠭᠠᠯᠲᠠ ᠪᠠᠷ ᠶᠡᠭᠡ᠂ ᠭᠠᠭ᠋ᠠᠢ ᠶᠢᠨ ᠮᠢᠬᠠᠨ ᠤ ᠰᠢᠮ᠎ᠡ ᠲᠡᠵᠢᠭᠡᠯ ᠥᠨᠳᠥᠷ᠂ ᠦᠨᠦᠷ ᠠᠮᠲᠠ ᠭᠤᠶᠣ ᠪᠠᠶᠢᠳᠠᠭ ᠪᠥᠭᠡᠳ ᠵᠡᠷᠯᠢᠭ ᠭᠠᠭ᠋ᠠᠢ ᠶᠢᠨ ᠪᠦᠬᠦ ᠪᠡᠶ᠎ᠡ  ᠨᠢ ᠪᠠᠰᠠ ᠪᠦᠷ ᠡᠷᠳᠡᠨᠢ᠂ ᠮᠣᠩᠭᠤᠯ ᠡᠮᠨᠡᠯᠭᠡ ᠶᠢᠨ ᠴᠢᠬᠤᠯᠠ ᠮᠠᠲ᠋ᠧᠷᠢᠶᠠᠯ ᠪᠣᠯᠣᠨ᠎ᠠ᠃            ᠡᠶᠢᠮᠦ ᠠᠴᠠ ᠦᠵᠦᠮᠦᠴᠢᠨ ᠤ ᠠᠩ ᠤᠨ ᠲᠡᠦᠬᠡᠨ ᠳᠤ ᠭᠠᠭ᠋ᠠᠢ ᠶᠢᠨ ᠠᠩ ᠪᠠᠰᠠ ᠦᠢᠯᠡᠳᠪᠦᠷᠢᠯᠡᠯ ᠠᠮᠢᠳᠤᠷᠠᠯ ᠳᠤ ᠲᠤᠰᠠᠯᠠᠬᠤ ᠴᠢᠨᠠᠷ ᠲᠠᠢ ᠠᠵᠤ ᠠᠬᠤᠢ ᠶᠢᠨ ᠲᠤᠰᠬᠠᠢ ᠠᠩ ᠶᠤᠮ᠃            5᠂ ᠮᠠᠩᠭᠢᠰᠤ ᠶᠢᠨ ᠠᠩ᠄ ᠮᠠᠩᠭᠢᠰᠤ ᠶᠢᠨ ᠠᠩ ᠪᠣᠯ ᠦᠵᠦᠮᠦᠴᠢᠨ ᠤ ᠪᠠᠰᠠ ᠨᠢᠭᠡ ᠲᠥᠷᠥᠯ ᠤᠨ ᠠᠩ ᠶᠤᠮ᠃ ᠲᠦᠷ ᠴᠠᠭ ᠤᠯᠠᠷᠢᠯ ᠤᠨ ᠴᠢᠨᠠᠷ ᠲᠠᠢ ᠬᠢᠳᠡᠭ᠃ ᠬᠡᠪᠴᠢᠶ᠎ᠡ ᠨᠢ ᠪᠠᠭ᠎ᠠ ᠪᠣᠯᠪᠠᠴᠤ ᠦᠢᠯᠡᠳᠪᠦᠷᠢᠯᠡᠯ ᠤᠨ ᠴᠢᠨᠠᠷ ᠲᠠᠢ ᠠᠩ ᠭᠥᠷᠥᠭᠡ ᠶᠢᠨ ᠣᠨᠴᠤᠭᠤᠢ ᠠᠵᠢᠯᠯᠠᠭ᠎ᠠ ᠪᠠᠶᠢᠳᠠᠭ᠃            ᠮᠠᠩᠭᠢᠰᠤ ᠪᠣᠯ ᠴᠤᠯ ᠥᠭᠡᠬᠦᠯᠢᠭ ᠠᠮᠢᠲᠠᠨ ᠪᠣᠯᠣᠨ᠎ᠠ᠃ ᠡᠪᠦᠯ ᠳᠡᠭᠡᠨ ᠢᠴᠡᠭᠡᠨ ᠳᠤ ᠣᠨᠳᠣᠷᠳᠠᠭ᠃ ᠨᠠᠮᠤᠷ  ᠲᠠᠭᠠᠨ ᠣᠨᠴᠤᠭᠤᠢ ᠲᠠᠷᠭᠤᠨ᠂ ᠮᠠᠩᠭᠢᠰᠤ ᠶᠢᠨ ᠥᠭᠡᠬᠦ ᠦᠷᠭᠦᠯᠵᠢ ᠪᠠᠷ ᠢᠶᠠᠨ ᠪᠡᠯᠡᠨ ᠲᠣᠰᠣ ᠪᠣᠯᠣᠨ᠎ᠠ᠃ ᠨᠡᠩ ᠴᠦ ᠡᠪᠦᠯ ᠤᠨ ᠬᠦᠢᠲᠡᠨ ᠳᠤ ᠴᠠᠷᠴᠠᠳᠠᠭ ᠦᠭᠡᠢ᠃ ᠡᠶᠢᠮᠦ ᠣᠨᠴᠠᠯᠢᠭ ᠨᠢ ᠡᠪᠦᠯ ᠤᠨ ᠴᠠᠭ ᠦᠵᠦᠮᠦᠴᠢᠨ ᠤ ᠣᠲᠣᠷ ᠨᠡᠭᠦᠳᠡᠯ ᠳᠤ ᠨᠡᠭᠦᠳᠡᠯ ᠤᠨ ᠲᠡᠷᠭᠡ ᠶᠢᠨ ᠲᠡᠩᠭᠡᠯᠢᠭ ᠤᠨ ᠬᠦᠵᠦᠭᠦᠦ ᠶᠢ ᠲᠣᠰᠣᠯᠠᠬᠤ ᠳᠤ ᠮᠠᠰᠢ ᠲᠣᠬᠢᠷᠠᠳᠠᠭ᠃ ᠡᠪᠦᠯ ᠳᠡᠭᠡᠨ ᠠᠷᠪᠠ ᠣᠷᠴᠢᠮ ᠲᠡᠷᠭᠡ ᠪᠠᠷ ᠪᠠᠶᠢᠩᠭᠤ ᠣᠲᠣᠷ ᠨᠡᠭᠦᠳᠡᠯ ᠬᠢᠳᠡᠭ ᠲᠡᠳᠡᠨ ᠳᠤ ᠠᠪᠴᠤ ᠬᠡᠯᠡᠪᠡᠯ᠂ ᠡᠶᠢᠮᠦ ᠲᠣᠰᠣ ᠨᠢ ᠬᠦᠢᠲᠡᠨ ᠰᠡᠷᠢᠭᠦᠨ ᠴᠠᠭ ᠲᠤ ᠨᠡᠭᠦᠳᠡᠯ ᠤᠨ ᠲᠡᠷᠭᠡ ᠪᠠᠨ ᠲᠣᠰᠣᠯᠠᠬᠤ ᠳᠤ ᠠᠮᠠᠷ᠂ ᠨᠠᠭᠠᠯᠳᠤᠬᠤ  ᠨᠢ ᠰᠠᠶᠢᠨ᠂ ᠳᠠᠭᠠᠭᠠᠴᠠ ᠨᠢ ᠤᠳᠠᠭᠠᠨ᠂ ᠦᠷ᠎ᠡ ᠠᠰᠢᠭ ᠨᠢ ᠥᠨᠳᠥᠷ ᠶᠤᠮ᠃ ᠡᠶᠢᠮᠦ ᠠᠴᠠ ᠦᠵᠦᠮᠦᠴᠢᠨ ᠳᠤ ᠵᠣᠬᠢᠬᠤ ᠣᠲᠣᠷ ᠨᠡᠭᠦᠳᠡᠯ ᠤᠨ ᠦᠢᠯᠡᠳᠪᠦᠷᠢᠯᠡᠯ ᠳᠤ ᠮᠠᠩᠭᠢᠰᠤ ᠶᠢᠨ ᠲᠣᠰᠣ ᠬᠡᠷᠡᠭᠯᠡᠬᠦ ᠵᠣᠷᠢᠯᠭ᠎ᠠ ᠪᠠᠷ ᠮᠠᠩᠭᠢᠰᠤ ᠶᠢᠨ ᠠᠩ ᠬᠢᠳᠡᠭ᠃            ᠦᠵᠦᠮᠦᠴᠢᠨ ᠤ ᠮᠠᠩᠭᠢᠰᠤ ᠶᠢᠨ ᠠᠩ ᠪᠣᠯ ᠣᠨᠴᠤᠭᠤᠢ ᠥᠪᠡᠷᠮᠢᠴᠡ ᠣᠨᠴᠠᠯᠢᠭ ᠲᠠᠢ ᠠᠩ ᠶᠤᠮ᠃ ᠮᠠᠩᠭᠢᠰᠤ ᠶᠢᠨ ᠠᠩ ᠢ ᠲᠡᠳᠡ 7 ~ 8 ᠰᠠᠷ᠎ᠠ ︵ᠪᠢᠯᠢᠭ ᠤᠨ ᠤᠯᠠᠷᠢᠯ︶ ᠳᠤ ᠰᠠᠶᠢᠬᠠᠨ ᠲᠤᠩᠭᠠᠯᠠᠭ ᠰᠠᠷᠠ ᠲᠠᠢ ᠬᠢᠷᠠᠭᠤ ᠰᠡᠭᠦᠳᠡᠷ ᠤᠨᠠᠭᠰᠠᠨ ᠰᠥᠨᠢ ᠨᠣᠬᠠᠢ ᠪᠠᠷ ᠬᠢᠳᠡᠭ᠃ ᠡᠨᠡ ᠨᠢ ᠮᠠᠩᠭᠢᠰᠤ ᠶᠢᠨ ᠠᠮᠢᠳᠤᠷᠠᠯ ᠤᠨ ᠬᠥᠳᠡᠯᠭᠡᠭᠡᠨ  ᠤ ᠵᠢᠮ᠎ᠡ ᠶᠣᠰᠣ ᠠᠴᠠ ᠪᠣᠯᠣᠭᠰᠠᠨ ᠶᠤᠮ᠃ ᠮᠠᠩᠭᠢᠰᠤ ᠣᠯᠠᠩᠬᠢ ᠳᠠᠭᠠᠨ ᠡᠳᠦᠷ ᠨᠦᠬᠡᠨ ᠠᠴᠠ ᠪᠠᠨ ᠭᠠᠷᠳᠠᠭ ᠦᠭᠡᠢ᠂ ᠰᠥᠨᠢ ᠬᠠᠷᠢᠨ ᠨᠦᠬᠡᠨ ᠠᠴᠠ ᠭᠠᠷᠴᠤ ᠢᠳᠡᠰᠢᠯᠡᠳᠡᠭ ᠪᠥᠭᠡᠳ ᠪᠠᠰᠠ ᠨᠡᠯᠢᠶᠡᠳ ᠬᠤᠯᠠ ᠶᠠᠪᠤᠳᠠᠭ᠃ ᠮᠠᠩᠭᠢᠰᠤ ᠪᠠᠰᠠ ᠲᠣᠰᠣᠯᠢᠭ ᠲᠠᠷᠭᠤᠨ ᠠᠮᠢᠲᠠᠨ ᠲᠤᠯᠠ ᠪᠡᠶ᠎ᠡ ᠶᠢᠨ ᠦᠨᠦᠷ ᠨᠢ ᠲᠣᠩ ᠶᠡᠭᠡ᠂ ᠰᠡᠭᠦᠳᠡᠷ ᠬᠢᠷᠠᠭᠤ  ᠲᠠᠢ ᠰᠥᠨᠢ ᠢᠳᠡᠰᠢᠯᠡᠬᠦ ᠳᠡᠭᠡᠨ ᠰᠡᠭᠦᠳᠡᠷ ᠳᠤᠮᠳᠠ ᠪᠡᠶ᠎ᠡ ᠶᠢᠨ ᠦᠨᠦᠷ ᠢᠶᠠᠨ ᠮᠥᠷ ᠲᠡᠭᠡᠨ ᠦᠯᠡᠳᠡᠭᠡᠭᠡᠳ ᠶᠠᠪᠤᠳᠠᠭ᠃ ᠨᠣᠬᠠᠢ ᠪᠣᠯ ᠦᠨᠦᠷᠴᠢ ᠠᠮᠢᠲᠠᠨ᠂ ᠲᠡᠭᠦᠨ ᠤ ᠡᠶᠢᠮᠦ ᠬᠠᠯᠠᠭᠤᠨ ᠮᠥᠷ ᠢ ᠣᠯᠣᠭᠰᠠᠭᠠᠷ ᠪᠠᠷᠢᠨ ᠮᠥᠷᠳᠡᠵᠦ ᠮᠠᠩᠭᠢᠰᠤ ᠶᠢ ᠨᠡᠬᠡᠮᠵᠢᠯᠡᠵᠦ ᠣᠯᠳᠠᠭ᠃ ᠡᠶᠢᠮᠦ ᠤᠴᠢᠷ ᠠᠴᠠ ᠦᠵᠦᠮᠦᠴᠢᠨ ᠳᠤ ᠮᠠᠩᠭᠢᠰᠤ ᠶᠢᠨ ᠠᠩ ᠢ ᠲᠤᠩᠭᠠᠯᠠᠭ ᠰᠠᠶᠢᠬᠠᠨ ᠰᠠᠷᠠ ᠲᠠᠢ ᠰᠥᠨᠢ ᠮᠣᠷᠢ ᠨᠣᠬᠠᠢ ᠪᠠᠷ ᠬᠢᠳᠡᠭ ᠪᠠᠶᠢᠵᠠᠢ᠃ ᠡᠭᠦᠨ ᠠᠴᠠ ᠭᠠᠳᠠᠨ᠎ᠠ᠂ ᠮᠠᠩᠭᠢᠰᠤ ᠶᠢᠨ ᠠᠷᠠᠰᠤ ᠶᠢ ᠵᠠᠬ᠎ᠠ ᠳᠡᠯᠭᠡᠭᠦᠷ ᠲᠤ ᠲᠠᠸᠠᠷᠯᠠᠵᠤ ᠬᠤᠳᠠᠯᠳᠤᠨ᠎ᠠ᠃ ᠮᠠᠩᠭᠢᠰᠤ ᠶᠢᠨ ᠮᠢᠬ᠎ᠠ ᠪᠠᠷ ᠮᠠᠯ ᠤᠨ ᠺᠠᠲ᠋ᠠᠷ ᠬᠤᠷᠣᠬᠠᠢ ᠶᠢ ᠤᠲᠤᠵᠤ ᠡᠮᠴᠢᠯᠡᠳᠡᠭ᠃ ᠮᠠᠩᠭᠢᠰᠤ ᠳᠤ ᠪᠠᠰᠠ ᠮᠠᠰᠢ ᠣᠯᠠᠨ ᠡᠮ ᠤᠨ ᠮᠠᠲ᠋ᠧᠷᠢᠶᠠᠯ ᠪᠠᠶᠢᠳᠠᠭ᠃ ᠮᠠᠩᠭᠢᠰᠤ ᠲᠣᠭᠰᠢᠨ ᠠᠮᠢᠲᠠᠨ᠂ ᠠᠩᠨᠠᠬᠤ ᠴᠠᠭ ᠨᠢ ᠰᠥᠨᠢ ᠪᠠᠶᠢᠳᠠᠭ ᠠᠴᠠ ᠲᠡᠭᠦᠨ ᠢ ᠠᠩᠨᠠᠬᠤ ᠨᠢ ᠪᠠᠰᠠ ᠬᠠᠲᠠᠭᠤ ᠬᠡᠴᠡᠭᠦᠦ ᠠᠩ ᠳᠤ ᠪᠠᠭᠲᠠᠳᠠᠭ᠃          6᠂ ᠵᠡᠭᠡᠷ᠎ᠡ ᠭᠥᠷᠥᠭᠡᠰᠦ ᠶᠢᠨ ᠠᠩ᠄ ᠦᠵᠦᠮᠦᠴᠢᠨ ᠳᠤ ᠤᠤᠯ ᠳᠠᠭᠠᠨ  ᠲᠠᠯ᠎ᠠ ᠳᠤᠨᠢ ᠴᠠᠭᠠᠨ ᠵᠡᠭᠡᠷ᠎ᠡ ᠰᠦᠷᠦᠭᠯᠡᠵᠦ᠂ ᠠᠭᠤᠯᠠᠨ ᠳᠤᠨᠢ ᠪᠣᠷᠣ ᠭᠥᠷᠥᠭᠡᠰᠦ ᠰᠦᠯᠵᠢᠯᠳᠦᠳᠡᠭ᠂ ᠵᠡᠭᠡᠷ᠎ᠡ ᠭᠥᠷᠥᠭᠡᠰᠦ ᠲᠤᠶᠢᠯ ᠤᠨ ᠡᠯᠪᠡᠭ ᠭᠠᠵᠠᠷ ᠪᠠᠶᠢᠪᠠ᠃            ᠵᠡᠭᠡᠷ᠎ᠡ ᠭᠥᠷᠥᠭᠡᠰᠦ ᠨᠢ᠂ ᠦᠵᠦᠮᠦᠴᠢᠨ ᠤ ᠪᠠᠰᠠ ᠨᠢᠭᠡ ᠣᠨᠴᠤᠭᠤᠢ ᠡᠬᠢ ᠪᠠᠶᠠᠯᠢᠭ ᠪᠠᠶᠢᠭᠰᠠᠨ ᠠᠴᠠ᠂ ᠦᠵᠦᠮᠦᠴᠢᠨ ᠮᠣᠩᠭᠤᠯᠴᠤᠳ ᠵᠡᠭᠡᠷ᠎ᠡ ᠭᠥᠷᠥᠭᠡᠰᠦ ᠶᠢ ᠲᠡᠦᠬᠡᠨ ᠠᠴᠠ ᠪᠠᠨ ᠵᠣᠬᠢᠰᠲᠠᠢ ᠪᠠᠷ ᠠᠩᠨᠠᠵᠤ ᠠᠰᠢᠭᠯᠠᠵᠤ ᠢᠷᠠᠪᠠ᠃ ᠲᠡᠳᠡ ᠵᠡᠭᠡᠷ᠎ᠡ ᠭᠥᠷᠥᠭᠡᠰᠦ ᠶᠢ ᠶᠡᠷᠦᠳᠡᠭᠡᠨ ᠫᠤᠤ ᠪᠠᠷ ᠠᠩᠨᠠᠬᠤ ᠪᠠᠷ ᠭᠤᠣᠯᠳᠠᠨ᠎ᠠ᠃ ᠨᠣᠬᠠᠢ ᠪᠠᠷ ᠪᠠᠷᠤᠭ ᠠᠩᠨᠠᠬᠤ ᠦᠭᠡᠢ᠃ ᠬᠠᠪᠤᠷ ᠪᠠᠷᠤᠭ ᠠᠩᠨᠠᠬᠤ ᠦᠭᠡᠢ᠂ ᠲᠡᠳᠡ ᠣᠯᠠᠨ ᠲᠤᠭ᠎ᠠ ᠪᠠᠷ ᠠᠩᠨᠠᠬᠤ ᠦᠭᠡᠢ᠃ ᠭᠡᠪᠡᠴᠦ ᠡᠷᠲᠡᠨ ᠳᠡᠭᠡᠨ ᠵᠡᠭᠡᠷ᠎ᠡ ᠳᠡᠩᠳᠡᠭᠦᠦ ᠥᠰᠴᠦ᠂ ᠮᠠᠯ ᠤᠨ ᠪᠡᠯᠴᠢᠭᠡᠷ ᠤᠨ ᠳᠠᠶᠢᠰᠤᠨ ᠪᠠᠶᠢᠵᠠᠢ᠃ ᠴᠠᠭᠠᠨ ᠵᠡᠭᠡᠷ᠎ᠡ ᠢᠷᠠᠯᠵᠠᠬᠤ ᠶᠢᠨ ᠦᠶ᠎ᠡ ᠳᠤ᠂ ᠭᠠᠵᠠᠷ ᠤᠨ ᠬᠥᠷᠥᠰᠥ ᠳᠠᠶᠢᠪᠠᠵᠤ ᠪᠠᠶᠢᠬᠤ ᠥᠭᠡᠷ᠎ᠡ ᠦᠭᠡᠢ ᠬᠠᠷᠠᠭᠳᠠᠳᠠᠭ᠃ ᠦᠵᠦᠮᠦᠴᠢᠨ ᠤ ᠡᠷᠬᠡᠨᠲᠠᠢ᠂ ᠴᠠᠬᠢᠷᠭ᠎ᠠ ᠪᠤᠮᠪᠤᠳᠠᠢ᠂ ᠬᠠᠷᠭᠠᠨᠠᠲᠤ ᠶᠢᠨ ᠰᠢᠯᠢ᠂ ᠴᠠᠭᠠᠨ ᠵᠡᠭᠡᠷ᠎ᠡ ᠶᠢᠨ ᠰᠢᠯᠢ᠂ ᠬᠥᠭᠡᠷᠴᠢᠭ ᠰᠡᠮᠠᠢ ᠵᠡᠷᠭᠡ ᠰᠢᠯᠢ ᠭᠠᠵᠠᠷ ᠢᠶᠠᠷ ᠨᠡᠶᠢᠳᠡᠮ ᠡᠯᠪᠡᠭ ᠪᠠᠶᠢᠭᠰᠠᠨ᠃ ᠲᠤᠬᠠᠢ ᠶᠢᠨ ᠦᠶ᠎ᠡ ᠳᠤ ᠴᠠᠭᠠᠨ ᠵᠡᠭᠡᠷ᠎ᠡ ᠠᠯᠠᠭᠠᠳ ᠬᠤᠷᠣᠬᠤ ᠦᠭᠡᠢ ᠠᠴᠠ ᠪᠢᠰᠢ ᠠᠯᠠᠭᠠᠳ ᠪᠠᠷᠠᠨ᠎ᠠ ᠭᠡᠵᠦ ᠵᠣᠪᠠᠭ᠋ᠤ ᠦᠭᠡᠢ᠃            ᠭᠡᠪᠡᠴᠦ᠂ ᠦᠵᠦᠮᠦᠴᠢᠨ ᠮᠣᠩᠭᠤᠯᠴᠤᠳ ᠵᠡᠭᠡᠷ᠎ᠡ ᠶᠢ ᠴᠠᠭ ᠬᠡᠮᠵᠢᠶ᠎ᠡ ᠲᠠᠢ ᠠᠩᠨᠠᠳᠠᠭ᠃ ᠪᠣᠷᠣ ᠭᠥᠷᠥᠭᠡᠰᠦ  ᠶᠢᠨ ᠭᠤᠷ ᠢ 5 ᠰᠠᠷ᠎ᠠ ᠳᠤ ᠴᠥᠭᠡᠪᠦᠷᠢ ᠠᠩᠨᠠᠨ᠎ᠠ᠃ 5 ᠰᠠᠷ᠎ᠠ ᠳᠤ ᠭᠤᠷ ᠬᠠᠮᠤᠭ ᠤᠨ ᠲᠠᠷᠭᠤᠨ ᠲᠡᠷᠡ ᠦᠶ᠎ᠡ ᠳᠤ ᠮᠢᠬ᠎ᠠ ᠬᠤᠪᠣᠷ᠂ ᠮᠠᠯ ᠲᠠᠷᠭᠤᠯᠠᠵᠤ ᠵᠠᠪᠳᠤᠭᠠᠳᠤᠢ᠂ ᠱᠥᠯᠥ ᠤᠤᠭᠤᠬᠤ ᠳᠤ ᠲᠡᠭᠦᠨ ᠠᠴᠠ ᠲᠠᠷᠭᠤᠨ ᠠᠮᠢᠲᠠᠨ ᠦᠭᠡᠢ᠃ ᠪᠠᠰᠠ ᠡᠪᠦᠯ ᠤᠨ ᠡᠬᠢᠨ ᠳᠤ ᠴᠥᠭᠡᠪᠦᠷᠢ ᠭᠤᠷ ᠵᠦᠷ ᠢ ᠠᠩᠨᠠᠵᠤ ᠡᠪᠦᠯ ᠤᠨ ᠤᠯᠠᠭᠠᠨ ᠢᠳᠡᠭᠡᠨ ᠳᠤ ᠬᠠᠪᠰᠤᠷᠤᠭᠤᠯᠳᠠᠭ᠃ ᠪᠣᠷᠣ ᠭᠥᠷᠥᠭᠡᠰᠦ ᠶᠢᠨ ᠮᠢᠬ᠎ᠠ ᠬᠡᠵᠢᠶᠡᠳᠡ ᠱᠥᠯᠥ ᠲᠠᠰᠤᠷᠠᠬᠤ ᠦᠭᠡᠢ᠃ ᠣᠨᠴᠤᠭᠤᠢ ᠰᠢᠮ᠎ᠡ ᠲᠡᠵᠢᠭᠡᠯ ᠲᠠᠢ ᠴᠤᠯ ᠬᠠᠷ᠎ᠠ ᠮᠢᠬ᠎ᠠ ᠪᠠᠶᠢᠳᠠᠭ᠃ ᠠᠷᠠᠰᠤ ᠨᠢ ᠣᠨᠴᠤᠭᠤᠢ ᠰᠠᠶᠢᠬᠠᠨ ᠪᠥᠭᠡᠳ ᠭᠥᠷᠥᠭᠡᠰᠦ ᠳᠤ ᠡᠮᠲᠦ ᠪᠣᠳᠠᠰ ᠡᠯᠪᠡᠭ ᠪᠠᠶᠢᠳᠠᠭ᠃ ᠴᠠᠭᠠᠨ ᠵᠡᠭᠡᠷ᠎ᠡ ᠶᠢ ᠵᠤᠨ ᠨᠠᠮᠤᠷ ᠭᠤᠣᠯ ᠠᠩᠨᠠᠵᠤ ᠱᠥᠯᠥ ᠤᠤᠭᠤᠨ᠎ᠠ᠃ 8 ~9 ᠰᠠᠷ᠎ᠠ ᠳᠤ ᠣᠭᠤᠨᠣ᠂ ᠰᠣᠪᠠᠢ ᠰᠢᠷᠠᠭᠴᠢᠨ ᠪᠣᠯ ᠣᠨᠴᠤᠭᠤᠢ ᠲᠠᠷᠭᠤᠨ᠂ ᠡᠶᠢᠮᠦ ᠠᠴᠠ ᠡᠨᠡ ᠦᠶ᠎ᠡ ᠪᠣᠯ ᠪᠦᠳᠦᠭᠦᠨ ᠣᠭᠤᠨᠣ ᠠᠩᠨᠠᠬᠤ ᠴᠠᠭ ᠶᠤᠮ᠃ ᠨᠠᠮᠤᠷ ᠤᠨ ᠱᠥᠯᠥ ᠤᠤᠭᠤᠬᠤ ᠳᠤ ᠬᠠᠪᠰᠤᠷᠤᠯᠭ᠎ᠠ ᠪᠣᠯᠣᠨ᠎ᠠ᠃ ᠴᠠᠭᠠᠨ ᠵᠡᠭᠡᠷ᠎ᠡ  ᠶᠢᠨ ᠮᠢᠬ᠎ᠠ ᠨᠢ ᠲᠣᠩ ᠰᠠᠶᠢᠬᠠᠨ ᠠᠯᠠᠭ ᠲᠠᠷᠭᠤᠨ ᠮᠢᠬ᠎ᠠ ᠪᠠᠶᠢᠳᠠᠭ᠃ ᠡᠪᠦᠯ ᠤᠨ ᠡᠬᠢᠨ ᠰᠠᠷ᠎ᠠ ᠳᠤ ᠲᠤᠰᠬᠠᠢ ᠴᠠᠭᠠᠨ ᠵᠡᠭᠡᠷ᠎ᠡ ᠠᠩᠨᠠᠵᠤ ᠡᠪᠦᠯ ᠤᠨ ᠢᠳᠡᠰᠢ ᠳᠤ ᠨᠡᠮᠡᠷᠢᠯᠡᠳᠡᠭ ᠪᠠᠶᠢᠵᠠᠢ᠃            ᠦᠵᠦᠮᠦᠴᠢᠨ ᠳᠤ ᠵᠡᠭᠡᠷ᠎ᠡ ᠭᠥᠷᠥᠭᠡᠰᠦ ᠶᠢᠨ ᠠᠩ ᠨᠢ ᠡᠷᠲᠡ ᠶᠢᠨ ᠲᠡᠦᠬᠡᠨ ᠨᠥᠬᠦᠴᠡᠯ ᠤᠨ ᠳᠣᠣᠷ᠎ᠠ ᠳᠤᠲᠠᠭᠳᠠᠵᠤ ᠪᠣᠯᠣᠰᠢ ᠦᠭᠡᠢ ᠨᠢᠭᠡ ᠵᠦᠢᠯ ᠤᠨ ᠠᠩᠨᠠᠯ ᠤᠨ ᠦᠢᠯᠡᠰ ᠪᠠᠶᠢᠵᠠᠢ᠃ ᠵᠡᠭᠡᠷ᠎ᠡ ᠭᠥᠷᠥᠭᠡᠰᠦ ᠶᠢᠨ ᠮᠢᠬ᠎ᠠ ᠠᠷᠢᠭᠤᠨ ᠴᠡᠪᠡᠷ᠂ ᠰᠢᠮ᠎ᠡ ᠲᠡᠵᠢᠭᠡᠯ ᠥᠨᠳᠥᠷ᠂ ᠦᠨᠦᠷ ᠠᠮᠲᠠ ᠣᠨᠴᠤᠭᠤᠢ᠂ ᠪᠠᠶᠢᠭᠠᠯᠢᠭ ᠣᠬᠢ ᠴᠢᠨᠠᠷ ᠢᠶᠠᠨ ᠬᠠᠳᠠᠭᠠᠯᠠᠭᠰᠠᠨ ᠰᠠᠶᠢᠨ ᠴᠢᠨᠠᠷ ᠤᠨ ᠮᠢᠬ᠎ᠠ ᠶᠤᠮ᠃ ᠠᠷᠠᠰᠤ᠂ ᠡᠪᠡᠷ ᠵᠢᠴᠢ ᠪᠥᠬᠦ ᠪᠡᠶ᠎ᠡ ᠨᠢ ᠪᠦᠷ ᠲᠣᠩ ᠶᠡᠭᠡ ᠬᠡᠷᠡᠭᠴᠡᠭᠡ ᠲᠠᠢ᠃ ᠡᠶᠢᠮᠦ ᠠᠴᠠ ᠵᠡᠭᠡᠷ᠎ᠡ ᠶᠢᠨ ᠠᠩ ᠪᠠᠰᠠ ᠦᠢᠯᠡᠳᠪᠦᠷᠢᠯᠡᠯ ᠤᠨ ᠴᠢᠨᠠᠷ ᠲᠠᠢ ᠠᠩᠨᠠᠯ ᠤᠨ ᠦᠢᠯᠡᠰ ᠶᠤᠮ᠃          7᠂ ᠪᠤᠰᠤᠳ ᠵᠦᠢᠯ ᠤᠨ ᠠᠩ᠄ ᠦᠵᠦᠮᠦᠴᠢᠨ ᠤ ᠪᠤᠰᠤᠳ ᠵᠦᠢᠯ ᠤᠨ ᠠᠩ ᠳᠤ ᠲᠠᠷᠪᠠᠭ᠎ᠠ᠂ ᠪᠤᠯᠠᠭ᠎ᠠ᠂ ᠬᠠᠯᠢᠭᠤ ᠵᠡᠷᠭᠡ ᠬᠤᠪᠣᠷ ᠣᠨᠴᠤᠭᠤᠢ ᠠᠮᠢᠲᠠᠨ ᠢ ᠠᠩᠨᠠᠬᠤ ᠠᠩ ᠪᠠᠶᠢᠳᠠᠭ᠃ ᠡᠶᠢᠮᠦ ᠠᠩ ᠢ ᠪᠠᠰᠠ ᠵᠣᠬᠢᠰᠲᠠᠢ ᠬᠢᠳᠡᠭ᠃ ᠭᠡᠪᠡᠴᠦ ᠪᠤᠯᠠᠭ᠎ᠠ᠂ ᠬᠠᠯᠢᠭᠤ ᠵᠡᠷᠭᠡ ᠬᠤᠪᠣᠷ ᠠᠮᠢᠲᠠᠨ ᠢ ᠠᠩᠨᠠᠬᠤ ᠶᠢ ᠲᠣᠩ ᠴᠡᠭᠡᠷᠯᠡᠨ᠎ᠡ᠃ ᠶᠠᠭ ᠡᠶᠢᠮᠦ ᠠᠮᠢᠲᠠᠨ ᠲᠣᠬᠢᠶᠠᠯᠳᠤᠴᠢᠬᠠᠪᠠᠯ ᠪᠠᠰᠠ ᠴᠥᠭᠡᠪᠦᠷᠢ ᠠᠩᠨᠠᠭᠰᠠᠨ ᠭᠠᠷᠳᠠᠭ᠃ ᠲᠡᠭᠦᠨ ᠢ ᠡᠷᠬᠢᠮᠯᠡᠬᠦ ᠦᠭᠡᠢ᠃ ᠬᠤᠪᠣᠷ ᠦᠨᠡᠲᠦ ᠠᠮᠢᠲᠠᠨ ᠢᠶᠠᠨ ᠬᠠᠮᠠᠭᠠᠯᠠᠳᠠᠭ᠃            ᠦᠵᠦᠮᠦᠴᠢᠨ ᠤ ᠠᠩ ᠠᠩᠨᠠᠯ ᠤᠨ ᠦᠢᠯᠡᠳᠪᠦᠷᠢᠯᠡᠯ ᠤᠨ ᠠᠷᠭ᠎ᠠ ᠮᠠᠶ᠋ᠢᠭ ᠪᠣᠯ ᠮᠣᠷᠢ᠂ ᠨᠣᠬᠠᠢ᠂ ᠫᠤᠤ ᠢᠶᠠᠷ ᠠᠩᠨᠠᠬᠤ ᠠᠷᠭ᠎ᠠ ᠮᠠᠶ᠋ᠢᠭ ᠶᠤᠮ᠃ ᠡᠭᠦᠨ ᠠᠴᠠ ᠪᠤᠰᠤᠳ ᠬᠠᠪᠬ᠎ᠠ ᠲᠠᠯᠪᠢᠬᠤ᠂ ᠲᠣᠣᠷ ᠲᠠᠯᠪᠢᠬᠤ᠂ ᠨᠦᠬᠡ ᠮᠠᠯᠲᠠᠬᠤ ᠵᠡᠷᠭᠡ ᠠᠷᠭ᠎ᠠ ᠮᠠᠶ᠋ᠢᠭ ᠢ ᠬᠡᠷᠡᠭᠯᠡᠬᠦ ᠦᠭᠡᠢ᠃ ᠡᠶᠢᠮᠦ ᠠᠷᠭ᠎ᠠ ᠦᠵᠦᠮᠦᠴᠢᠨ ᠤ ᠦᠨᠳᠦᠰᠦᠨ ᠨᠤᠲᠤᠭ ᠪᠡᠯᠴᠢᠭᠡᠷ ᠤᠨ ᠬᠠᠮᠠᠭᠠᠯᠠᠯᠲᠠ ᠪᠠᠷ ᠭᠤᠣᠯ ᠪᠣᠯᠭᠠᠭᠰᠠᠨ ᠪᠠᠶᠢᠭᠠᠯᠢ ᠶᠢᠨ ᠬᠠᠮᠠᠭᠠᠯᠠᠯᠲᠠ ᠮᠠᠯ ᠠᠵᠤ ᠠᠬᠤᠢ ᠶᠢᠨ ᠦᠢᠯᠡᠳᠪᠦᠷᠢᠯᠡᠯ ᠤᠨ ᠰᠢᠯᠤᠭᠤᠨ ᠶᠠᠪᠤᠭᠳᠠᠬᠤ ᠳᠤ ᠪᠦᠷ ᠵᠣᠬᠢᠴᠠᠬᠤ ᠦᠭᠡᠢ ᠤᠴᠢᠷ ᠠᠴᠠ ᠨᠡᠶᠢᠭᠡᠮ ᠨᠡᠶᠢᠲᠡ ᠪᠠᠷ ᠡᠷᠡᠰ ᠴᠠᠭᠠᠵᠠᠯᠠᠳᠠᠭ᠃            ᠦᠵᠦᠮᠦᠴᠢᠨ ᠮᠣᠩᠭᠤᠯᠴᠤᠳ ᠤᠨ ᠠᠩ ᠠᠩᠨᠠᠭᠤᠷ ᠤᠨ ᠠᠵᠤ ᠠᠬᠤᠢ ᠪᠣᠯ ᠲᠡᠳᠡᠨ ᠤ ᠮᠠᠯ ᠠᠵᠤ ᠠᠬᠤᠢ  ᠶᠢᠨ ᠦᠢᠯᠡᠳᠪᠦᠷᠢᠯᠡᠯ ᠳᠤ ᠦᠢᠯᠡᠴᠢᠯᠡᠭᠰᠡᠨ᠂  ᠪᠡᠶ᠎ᠡ ᠪᠠᠨ ᠳᠠᠭᠠᠭᠠᠭᠰᠠᠨ ᠲᠣᠭᠲᠠᠴᠠ ᠲᠠᠢ ᠲᠤᠰᠬᠠᠢ ᠠᠵᠤ ᠠᠬᠤᠢ᠃ ᠮᠣᠩᠭᠤᠯ ᠤᠨ ᠤᠯᠠᠮᠵᠢᠯᠠᠯᠲᠤ ᠠᠩ ᠬᠤᠮᠣᠷᠭ᠎ᠠ ᠶᠢᠨ ᠵᠠᠩ ᠦᠢᠯᠡ ᠠᠵᠢᠯᠯᠠᠭ᠎ᠠ ᠶᠢᠨ ᠵᠠᠯᠭᠠᠮᠵᠢ ᠮᠥᠨ᠃ ᠪᠠᠰᠠᠴᠤ ᠲᠡᠳᠡᠨ ᠤ ᠥᠪᠡᠷᠮᠢᠴᠡ ᠣᠨᠴᠠᠯᠢᠭ ᠲᠠᠢ ᠠᠩ ᠠᠩᠨᠠᠯ ᠤᠨ ᠰᠣᠶᠣᠯ ᠤᠨ ᠠᠵᠢᠯᠯᠠᠭ᠎ᠠ ᠪᠣᠯᠣᠨ᠎ᠠ᠃            ᠦᠵᠦᠮᠦᠴᠢᠨ ᠮᠣᠩᠭᠤᠯᠴᠤᠳ ᠠᠩ ᠠᠩᠨᠠᠯ ᠬᠢᠬᠦ ᠪᠠᠨ ᠪᠠᠰᠠ᠄ ︽ᠮᠠᠯᠠᠭ᠎ᠠ ᠶᠢᠨ ᠣᠲᠤᠭ᠎ᠠ ᠭᠦᠪᠢᠵᠦ ᠬᠡᠶᠢᠮᠣᠷᠢ ᠰᠡᠷᠭᠦᠭᠡᠨ᠎ᠡ︾ ᠭᠡᠳᠡᠭ᠃ ᠠᠩ ᠤᠨ ᠣᠯᠵᠠ ᠬᠤᠪᠢᠶᠠᠷᠢ ᠶᠢ᠄ ︽ᠬᠠᠷ᠎ᠠ ᠬᠠᠮᠠᠷ ᠢ ᠨᠢ ᠥᠪᠴᠢᠬᠦ ᠠᠴᠠ ᠡᠮᠦᠨ᠎ᠡ ᠬᠦᠷᠦᠯᠴᠡᠨ ᠢᠷᠡᠭᠰᠡᠨ ᠪᠦᠬᠦᠨ ᠳᠤ ᠬᠦᠷᠲᠡᠭᠡᠬᠦ ᠶᠣᠰᠣᠲᠠᠢ︾ ᠭᠡᠳᠡᠭ᠃ ᠠᠩ ᠤᠨ ᠮᠢᠬ᠎ᠠ ᠶᠢ ᠠᠶᠢᠯ ᠬᠤᠲᠠ ᠪᠠᠷ ᠢᠶᠠᠨ ᠪᠦᠭᠦᠳᠡᠭᠡᠷ ᠢᠶᠠᠨ ᠬᠤᠪᠢᠶᠠᠵᠤ᠂ ᠱᠥᠯᠥ ᠤᠤᠭᠤᠵᠤ ᠪᠠᠩᠰᠢ ᠪᠠᠷᠢᠵᠤ ᠢᠳᠡᠳᠡᠭ᠃ ᠠᠩ ᠤᠨ ᠭᠠᠨᠵᠤᠭ᠎ᠠ ᠶᠢ ᠬᠠᠷᠠᠮᠯᠠᠬᠤ ᠶᠢ ︽ᠮᠠᠭᠤ ᠢᠷᠸ᠎ᠠ︾᠂ ︽ᠠᠩ ᠤᠨ ᠶᠠᠭᠤᠮ᠎ᠠ ᠶᠢ ᠪᠢᠲᠡᠭᠡᠢ ᠬᠠᠷᠠᠮᠯᠠ︕︾ ᠭᠡᠵᠦ ᠪᠦᠷ ᠢ ᠬᠤᠪᠢᠶᠠᠯᠴᠠᠳᠠᠭ ᠪᠠᠶᠢᠵᠠᠢ᠃              ᠦᠵᠦᠮᠦᠴᠢᠨ ᠮᠣᠩᠭᠤᠯᠴᠤᠳ ᠤᠨ ᠪᠦᠬᠦᠯᠢ ᠠᠩ ᠠᠩᠨᠠᠯ ᠤᠨ ᠠᠵᠤ ᠠᠬᠤᠢ ᠶᠢᠨ ᠦᠢᠯᠡᠰ ᠪᠣᠯ ᠲᠡᠦᠬᠡ  ᠶᠢᠨ ᠲᠤᠷᠰᠢᠯᠭ᠎ᠠ ᠰᠤᠷᠭᠠᠮᠵᠢ ᠪᠠᠨ ᠳ᠋ᠦᠩᠨᠡᠭᠰᠡᠨ ᠰᠠᠭᠤᠷᠢ ᠳᠡᠭᠡᠷ᠎ᠡ ᠬᠥᠭᠵᠢᠵᠦ᠂ ᠠᠩ ᠤᠨ ᠠᠵᠤ ᠠᠬᠤᠢ ᠶᠢᠨ ᠵᠢᠮ᠎ᠡ ᠶᠣᠰᠣ ᠪᠠᠷ ᠲᠣᠭᠲᠠᠭᠰᠠᠨ ᠳᠦᠷᠢᠮ ᠭᠤᠷᠢᠮ ᠬᠡᠪᠰᠢᠯ ᠲᠠᠢ ᠠᠵᠤ ᠠᠬᠤᠢ ᠶᠢᠨ ᠠᠵᠢᠯᠯᠠᠭ᠎ᠠ ᠪᠣᠯᠣᠭᠰᠠᠨ ᠶᠤᠮ᠃      ︽ᠦᠵᠦᠮᠦᠴᠢᠨ ᠮᠣᠩᠭᠤᠯᠴᠤᠳ︾ ᠭᠤ᠂ ᠷᠠᠬᠸ᠎ᠠ
 
ᠢᠷᠡᠯᠲᠡ᠄ ︽ᠦᠵᠦᠮᠦᠴᠢᠨ ᠮᠣᠩᠭᠤᠯᠴᠤᠳ︾
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号