ᠪᠠᠷᠠᠭᠤᠨ ᠦᠵᠦᠮᠦᠴᠢᠨ ᠬᠤᠰᠢᠭᠤᠨ ᠤ ︽ᠤᠯᠤᠰ ᠤᠨ ᠬᠡᠣᠬᠡᠳ︾ ᠤᠳ ᠨᠢ ᠦᠵᠦᠮᠦᠴᠢᠨ ᠨᠤᠳᠤᠭ ᠤᠨ | ᠬᠦᠷᠦᠰᠦ ᠰᠢᠷᠣᠢ᠂ ᠬᠦᠮᠦᠨ ᠠᠷᠡᠳ ᠤᠨ ᠡᠨᠡᠷᠢᠯ ᠬᠠᠶᠢᠷ᠎ᠠ ᠳᠤ ᠢᠪᠡᠬᠡᠭᠳᠡᠵᠦ᠂ ᠮᠤᠷᠢᠨ ᠬᠤᠭᠤᠷ ᠤᠷᠳᠣ ᠶᠢᠨ ᠲᠠᠭᠤᠨ ᠤ | ᠠᠶᠠᠯᠭᠤᠨ ᠳᠤ ᠪᠦᠪᠡᠶᠢᠯᠡᠭᠳᠡᠨ᠂ ᠰᠦ ᠲᠠᠢ ᠴᠠᠢ ᠶᠢᠨ ᠠᠩᠬᠢᠯᠤᠮ᠎ᠠ ᠦᠨᠦᠷ ᠲᠤ ᠢᠳᠠᠬᠡᠰᠢᠵᠦ᠂ ᠡᠷᠬᠡ ᠵᠢᠷᠭᠠᠯ ᠲᠠᠢ | ᠦᠰᠦᠨ ᠪᠤᠶᠢᠵᠢᠬᠤ ᠳᠠᠭᠠᠨ ᠦᠵᠦᠮᠦᠴᠢᠨ ᠨᠤᠳᠤᠭ ᠤᠨ ᠰᠣᠶᠤᠯ ᠢᠷᠬᠡᠨᠰᠢᠯ ᠠᠴᠠ ᠡᠬᠢᠯᠠᠨ ᠠᠳᠬᠤ ᠰᠢᠷᠣᠢ ᠶᠢ ᠨᠢ | ᠭᠦᠷᠳᠠᠯ᠎ᠠ ᠲᠡᠳᠡᠨ ᠤ ᠰᠠᠳᠬᠢᠯ ᠵᠢᠷᠣᠭᠡᠨ ᠳᠡᠭᠡᠨ ᠲᠡᠭᠡᠭᠡᠵᠦ ᠶᠠᠪᠤᠳᠠᠭ ᠪᠣᠯᠣᠭᠰᠠᠨ ᠪᠠᠶᠢᠨ᠎ᠠ᠃ | | | ᠦᠵᠦᠮᠦᠴᠢᠨ ᠲᠡᠷᠯᠢᠭ ᠢᠶᠠᠨ ᠡᠮᠤᠰᠣᠨ᠂ ᠦᠵᠦᠮᠦᠴᠢᠨ ᠴᠠᠭᠠᠨ ᠠᠯᠴᠢᠭᠤᠷ ᠢᠶᠠᠷ ᠭᠠᠩᠭᠠᠷᠠᠭᠰᠠᠨ ᠬᠠᠰᠬᠡᠷᠡᠯ ᠨᠢ | ᠠᠷᠭ᠎ᠠ ᠦᠬᠡᠢ ᠯᠡ ᠡᠨᠡ ᠨᠤᠳᠤᠭ ᠤᠨ ᠦᠩᠬᠢᠶᠠᠮᠤᠷ ᠰᠠᠶᠢᠬᠠᠨ ᠳᠤ ᠦᠰᠦᠨ ᠲᠤᠷᠨᠢᠭᠰᠠᠨ ᠢ ᠮᠠᠳᠠᠷᠡᠬᠦᠯᠦᠨᠠ᠃ | ᠬᠠᠰᠬᠡᠷᠡᠯ ᠪᠣᠯ ︽ᠤᠯᠤᠰ ᠤᠨ ᠬᠡᠣᠬᠡᠳ︾ ᠤᠨ ᠨᠢᠭᠡᠨ ᠭᠡᠰᠢᠬᠦᠨ᠂ 1962 ᠣᠨ ᠳᠤ ᠬᠤᠭᠤᠯᠠᠳᠣ ᠶᠢᠨ ᠭᠤᠣᠯ | ᠪᠠᠯᠭᠠᠰᠣᠨ ᠤ ᠶᠠᠷᠭᠠᠶᠢᠳᠣ ᠭᠠᠴᠠᠭᠠᠨ ᠤ ᠮᠠᠯᠴᠢᠨ ᠦᠬᠡᠳᠠᠯᠠᠬᠦ ᠪᠣᠯᠣᠨ ᠵᠢᠭᠮᠢᠳ ᠲᠤ ᠦᠷᠡᠴᠢᠯᠡᠭᠳᠡᠨ᠂ ᠲᠡᠳᠡᠨ ᠤ | ᠦᠷ᠎ᠡ ᠶᠢᠨ ᠭᠠᠭᠴᠠ ᠦᠬᠢᠨ ᠨᠢ ᠪᠤᠯᠤᠭᠰᠠᠨ ᠪᠢᠯᠡ᠃ ᠨᠢᠯᠬ᠎ᠠ ᠪᠠᠭ᠎ᠠ ᠶᠢᠨ ᠪᠢᠳᠠᠬᠦᠬᠡᠨ ᠲᠤᠷᠠᠰᠣᠮᠵᠢ ᠪᠠᠨ | ᠰᠠᠨᠠᠭᠠᠯᠵᠠᠬᠤ ᠳᠤ᠂ ᠭᠠᠷ ᠲᠠᠭᠠᠨ 16 ᠨᠤᠮᠧᠷᠳᠠᠢ ᠪᠢᠴᠢᠬᠠᠨ ᠦᠬᠢᠨ ᠵᠢᠩᠮᠢᠳ ᠤᠨ ᠬᠤᠷᠮᠤᠢ ᠠᠴᠠ ᠰᠠᠯᠤᠯ ᠦᠬᠡᠢ | ᠲᠠᠳᠠᠭᠰᠠᠨ ᠳᠤ ︽ᠡᠨᠡ ᠦᠬᠢᠨ ᠯᠠ ᠮᠢᠨᠤ ᠪᠠᠶᠢᠬᠤ ᠶᠤᠰᠣᠳᠠᠢ︾ ᠬᠡᠮᠠᠨ ᠦᠷᠡᠴᠢᠯᠡᠨ ᠲᠡᠵᠢᠬᠡᠭᠰᠡᠨ ᠭᠡᠨ᠎ᠡ᠃ ᠡᠶᠢᠨᠬᠦ | ᠪᠠᠷᠠᠭᠤᠨ ᠦᠵᠦᠮᠦᠴᠢᠨ ᠬᠤᠰᠢᠭᠤᠨ ᠤ ᠪᠠᠶᠠᠨᠪᠤᠯᠠᠭ ᠨᠢᠭᠡᠳᠦᠯ ᠤᠨ ᠳᠠᠪᠰᠢᠯᠲᠤ ᠪᠠᠷᠢᠭᠠᠳᠠ ᠨᠢ ᠬᠠᠰᠬᠡᠷᠡᠯ ᠤᠨ ᠦᠰᠣᠨ | ᠪᠤᠶᠢᠵᠢᠭᠰᠠᠨ ᠬᠠᠯᠠᠭᠤᠨ ᠦᠯᠦᠬᠡᠢ᠂ ᠨᠠᠰᠤᠨ ᠲᠤᠷᠰᠢᠲᠠ ᠶᠢᠨ ᠬᠠᠶᠢᠷ᠎ᠠ ᠶᠢᠨ ᠪᠠᠷᠢᠯᠳᠤᠯᠭ᠎ᠠ ᠨᠢ ᠪᠤᠯᠤᠭᠰᠠᠨ ᠪᠠᠶᠢᠨ᠎ᠠ᠃ | | ᠠᠪᠤ ᠦᠬᠡᠳᠠᠯᠠᠬᠦ ᠨᠢ 19 ᠨᠠᠰᠤᠲᠠᠢ ᠳᠠᠭᠠᠨ ᠥᠪᠥᠷ ᠮᠣᠩᠭᠤᠯ ᠤᠨ ᠮᠣᠷᠢᠲᠤ ᠴᠡᠷᠢᠭ ᠲᠤ ᠣᠷᠣᠯᠴᠠᠵᠤ᠂ 1951 | ᠣᠨ ᠳᠤ ᠴᠡᠷᠢᠭ ᠠᠴᠠ ᠬᠠᠯᠠᠭᠳᠠᠭᠰᠠᠨ ᠤ ᠳᠠᠷᠠᠭ᠎ᠠ ᠪᠠᠷᠠᠭᠤᠨ ᠦᠵᠦᠮᠦᠴᠢᠨ ᠬᠤᠰᠢᠭᠤᠨ ᠤ ᠮᠠᠯᠵᠢᠬᠤ ᠣᠷᠣᠨ ᠳᠤ ᠢᠷᠡᠵᠦ᠂ | ᠪᠦᠬᠦᠯᠢ ᠬᠤᠷᠢᠨ ᠵᠢᠯ ᠭᠠᠴᠠᠭᠠᠨ ᠤ ᠨᠠᠮ ᠤᠨ ᠡᠭᠦᠷ ᠤᠨ ᠱᠦᠵᠢ ᠪᠠᠷ ᠠᠵᠢᠯᠯᠠᠵᠦ ᠶᠠᠪᠤᠵᠡᠢ᠃ ᠬᠠᠰᠬᠡᠷᠡᠯ ᠤᠨ ᠡᠵᠢ | ᠭᠡᠵᠦ ᠡᠬᠡᠯ ᠵᠢᠷ ᠤᠨ ᠮᠠᠯᠴᠢᠨ ᠪᠦᠰᠠᠬᠦᠢ ᠪᠠᠶᠢᠯ᠎ᠠ ᠬᠡᠰᠡᠨ ᠴᠤ ᠮᠠᠯᠴᠢᠨ ᠬᠦᠮᠦᠨ ᠤ ᠮᠢᠩᠭᠠᠨ ᠤᠬᠠᠭᠠᠨ ᠢᠶᠠᠷ ᠢᠶᠠᠨ | ᠬᠠᠰᠬᠡᠷᠡᠯ ᠢ ᠠᠮᠢᠳᠣᠷᠠᠯ ᠠᠬᠤᠢ ᠳᠠᠭᠠᠨ ᠵᠢᠳᠬᠦᠯ ᠲᠠᠢ᠂ ᠬᠦᠮᠦᠨ ᠵᠤᠨ ᠳᠠᠭᠠᠨ ᠡᠶ᠎ᠡ ᠨᠠᠶᠢᠷᠳᠠᠢ ᠢᠨᠢᠶᠠᠳᠣ ᠵᠢᠷᠭᠠᠯ | ᠪᠢᠯᠬᠠᠭᠰᠠᠨ ᠬᠦᠮᠦᠨ ᠪᠤᠯᠭᠠᠨ ᠬᠦᠮᠦᠵᠢᠬᠦᠯᠦᠭᠰᠡᠨ ᠪᠠᠶᠢᠨ᠎ᠠ᠃ | 1981 ᠣᠨ ᠳᠤ ᠬᠠᠰᠬᠡᠷᠡᠯ ᠬᠤᠭᠤᠯᠠᠳᠣ ᠶᠢᠨ ᠭᠤᠣᠯ ᠪᠠᠯᠭᠠᠰᠣᠨ ᠤ ᠶᠠᠷᠭᠠᠶᠢᠳᠣ ᠭᠠᠴᠠᠭᠠᠨ ᠤ ᠡᠬᠡᠯ ᠵᠢᠷ ᠤᠨ | ᠮᠠᠯᠴᠢᠨ ᠪᠠᠶᠠᠨᠪᠠᠭᠠᠲᠤᠷ ᠲᠠᠢ ᠠᠶᠢᠯ ᠪᠦᠯᠢ ᠪᠠᠨ ᠴᠤᠭᠴᠠᠯᠠᠨ᠂ ᠤᠮᠠᠷᠠᠰᠢ ᠨᠠᠬᠦᠳᠡᠯᠯᠡᠭᠰᠡᠨ ᠰᠢᠪᠠᠭᠠᠤᠳ ᠰᠢᠭ᠋ ᠢᠶᠠᠨ ᠠᠯᠤᠰ | ᠬᠤᠯᠠ ᠶᠢᠨ ᠵᠢᠶᠠᠩᠨᠠᠨ ᠤᠷᠤᠨ ᠠᠴᠠ ᠦᠵᠦᠮᠦᠴᠢᠨ ᠨᠤᠳᠤᠭ ᠲᠤ ᠢᠷᠡᠵᠦ᠂ ᠨᠠᠮ ᠵᠠᠰᠠᠭ ᠤᠨ ᠲᠤᠶᠠᠭᠠᠷᠠᠯ᠂ ᠦᠵᠦᠮᠦᠴᠢᠨ | ᠨᠤᠲᠤᠭ ᠤᠨ ᠬᠦᠮᠦᠨ ᠠᠷᠡᠳ ᠤᠨ ᠬᠠᠶᠢᠷ᠎ᠠ ᠡᠨᠡᠷᠢᠯ ᠢᠶᠠᠷ ᠠᠵᠠ ᠵᠢᠷᠭᠠᠯᠳᠠᠢ ᠰᠠᠶᠢᠬᠠᠨ ᠠᠮᠢᠳᠣᠷᠠᠯ ᠢᠶᠠᠨ ᠪᠢᠴᠢᠭᠯᠡᠵᠦ | ᠶᠠᠪᠤᠨ᠎ᠠ᠃ |