ᠴᠠᠰᠤᠳᠦ ᠲᠠᠯ᠎ᠠ ᠳᠤ ᠦᠰᠦᠭᠰᠡᠨ ᠴᠠᠨ᠎ᠠ ᠭᠤᠯᠭᠤᠯᠲᠠ ᠶᠢᠨ ᠲᠠᠮᠢᠷᠴᠢᠨ
ᠨᠡᠶᠢᠲᠡᠯᠡᠭᠰᠡᠨ ᠴᠠᠭ᠄
2025/4/21
     ᠦᠨᠳᠦᠷᠯᠢᠭ ᠨᠤᠳᠤᠭ ᠤᠨ ᠴᠠᠰᠤᠳᠤ ᠲᠠᠯ᠎ᠠ ᠳᠤ ᠦᠰᠦᠭᠰᠡᠨ ᠬᠦᠮᠦᠰ ᠲᠤ ᠴᠠᠰᠤ ᠨᠢ ᠡᠩ ᠤᠨ ᠵᠦᠢᠯ ᠪᠤᠯᠪᠠᠴᠤ ᠴᠠᠨ᠎ᠠ ᠭᠤᠯᠭᠤᠯᠳᠠ ᠨᠢ ᠲᠠᠰᠤᠯ ᠪᠤᠰᠤ ᠲᠠᠮᠢᠷ ᠤᠨ ᠬᠦᠳᠡᠯᠭᠡᠭᠡᠨ ᠪᠤᠯᠬᠤ ᠶᠤᠮ᠃ ᠮᠠᠯᠴᠢᠨ ᠤ ᠬᠦᠦ ᠤᠬᠠᠭᠠᠨᠳᠤ ᠤᠬᠤᠷᠬᠠᠨ ᠲᠤᠯᠤᠭᠠᠨ ᠵᠢᠯ ᠤᠨ ᠬᠤᠭᠤᠴᠠᠭᠠᠨ ᠳᠤ ᠡᠩ ᠤᠨ ᠨᠢᠭᠡ ᠲᠤᠮᠳᠠᠳᠤ ᠰᠤᠷᠭᠠᠭᠤᠯᠢ ᠶᠢᠨ ᠰᠤᠷᠤᠭᠴᠢ ᠠᠴᠠ ᠪᠠᠨ ᠠᠽᠢᠶ᠎ᠠ ᠶᠢᠨ ᠡᠪᠦᠯ ᠤᠨ ᠤᠯᠠᠷᠢᠯ ᠤᠨ ᠪᠡᠶ᠎ᠡ ᠲᠠᠮᠢᠷ ᠤᠨ ᠤᠷᠤᠯᠳᠤᠭᠠᠨ ᠳᠤ ᠤᠷᠤᠯᠴᠠᠬᠤ ᠬᠢᠷᠢ ᠬᠡᠮ ᠲᠠᠢ ᠤᠯᠤᠰ ᠤᠨ ᠠᠩᠭᠢ ᠶᠢᠨ ᠴᠠᠨ᠎ᠠ ᠭᠤᠯᠭᠤᠯᠳᠠ ᠶᠢᠨ ᠲᠠᠮᠢᠷᠴᠢᠨ ᠪᠤᠯᠤᠭᠰᠠᠨ ᠪᠠᠶᠢᠨ᠎ᠠ᠃ᠤᠬᠠᠭᠠᠨᠳᠤ 1998 ᠤᠨ ᠤ ᠶᠢᠰᠦᠳᠦᠭᠡᠷ ᠰᠠᠷ᠎ᠠ ᠳᠤ ᠪᠠᠷᠠᠭᠤᠨ ᠦᠵᠦᠮᠦᠴᠢᠨ ᠬᠤᠰᠢᠭᠤᠨ ᠤ ᠪᠠᠶᠠᠠᠬᠤᠸᠠ ᠪᠠᠯᠭᠠᠰᠤᠨ ᠤ ᠴᠠᠭᠠᠠᠪᠤᠭᠤᠳᠤ ᠭᠠᠴᠠᠭᠠᠨ ᠤ ᠮᠠᠯᠴᠢᠨ ᠲᠦᠮᠡᠡᠨᠠᠰᠤᠳᠤ᠂ ᠤᠶᠤᠠᠭᠡᠷᠡᠯ ᠤᠨ ᠤᠤᠭᠠᠨ ᠬᠦᠪᠡᠭᠦᠨ ᠪᠤᠯᠵᠤ ᠮᠡᠨᠳᠤᠯᠡᠪᠡ᠃ ᠬᠠᠷᠠᠬᠠᠨ ᠪᠠᠭ᠎ᠠ ᠠᠴᠠ ᠪᠠᠨ ᠬᠦᠳᠡᠭᠡ ᠨᠤᠳᠤᠭ ᠲᠤ ᠠᠵᠢᠯ ᠬᠦᠳᠡᠯᠮᠦᠷᠢ ᠳᠤ ᠤᠷᠤᠯᠴᠠᠵᠦ ᠦᠰᠦᠭᠰᠡᠨ ᠲᠡᠷᠡ ᠪᠠᠷ ᠬᠦᠴᠦ ᠲᠠᠮᠢᠷ ᠰᠠᠶᠢᠨ ᠪᠠᠶᠢᠵᠤ ᠪᠠᠭ᠎ᠠ ᠲᠤᠮᠳᠠᠳᠤ ᠰᠤᠷᠭᠠᠭᠤᠯᠢ ᠠᠴᠠ ᠪᠠᠨ ᠡᠬᠢᠯᠡᠨ ᠪᠡᠶ᠎ᠡ ᠲᠠᠮᠢᠷ ᠤᠨ ᠬᠦᠳᠡᠯᠭᠡᠭᠡᠨ ᠳᠤ ᠢᠳᠡᠪᠬᠢᠯᠡᠨ ᠤᠷᠤᠯᠴᠠᠳᠠᠭ ᠪᠠᠶᠢᠵᠠᠢ᠃ 2017 ᠤᠨ ᠳᠤ ᠤᠯᠠᠨ ᠤᠯᠤᠰ ᠤᠨ ᠴᠠᠨ᠎ᠠ ᠭᠤᠯᠭᠤᠯᠳᠠ ᠶᠢᠨ ᠬᠡᠭᠡᠷᠡᠯᠡᠨ ᠭᠤᠯᠭᠤᠬᠤ ᠤᠷᠤᠯᠳᠤᠭᠠᠨ ᠪᠠᠷᠠᠭᠤᠨ ᠦᠵᠦᠮᠦᠴᠢᠨ ᠬᠤᠰᠢᠭᠤᠨ ᠳᠤ ᠶᠠᠪᠤᠭᠳᠠᠬᠤ ᠪᠤᠯᠤᠭᠰᠠᠨ ᠳᠤ ᠲᠤᠬᠠᠢ ᠶᠢᠨ ᠦᠶ᠎ᠡ ᠳᠤ ᠪᠠᠷᠠᠭᠤᠨ ᠦᠵᠦᠮᠦᠴᠢᠨ ᠬᠤᠰᠢᠭᠤᠨ ᠤ ᠶᠡᠷᠦᠩᠬᠡᠶᠢᠯᠡᠭᠰᠡᠨ ᠲᠡᠭᠡᠳᠦ ᠵᠡᠷᠭᠡ ᠶᠢᠨ ᠲᠤᠮᠳᠠᠳᠤ ᠰᠤᠷᠭᠠᠭᠤᠯᠢ ᠳᠤ ᠰᠤᠷᠤᠯᠴᠠᠵᠦ ᠪᠠᠶᠢᠭᠰᠠᠨ ᠲᠡᠷᠡ ᠪᠠᠷ ᠰᠤᠩᠭᠤᠭᠳᠠᠨ ᠤᠷᠤᠯᠴᠠᠵᠦ᠂ ᠤᠶᠢᠷ᠎ᠠ ᠵᠠᠮ ᠤᠨ  ᠬᠡᠭᠡᠷᠡᠯᠡᠨ ᠭᠤᠯᠭᠤᠬᠤ ᠴᠠᠨ᠎ᠠ ᠭᠤᠯᠭᠤᠯᠳᠠ ᠶᠢᠨ ᠤᠷᠤᠯᠳᠤᠭᠠᠨ ᠤ ᠨᠢᠭᠡᠳᠦᠭᠡᠷ ᠪᠠᠶᠢᠷᠢ ᠳᠤ ᠤᠷᠤᠪᠠ᠃ ᠡᠶᠢᠨᠬᠦ ᠴᠠᠨ᠎ᠠ ᠭᠤᠯᠭᠤᠯᠳᠠ ᠶᠢᠨ ᠲᠠᠮᠢᠷ ᠤᠨ ᠬᠦᠳᠡᠯᠭᠡᠭᠡᠨ ᠤ ᠡᠷᠴᠢ ᠬᠦᠴᠦ᠂ ᠠᠪᠢᠶᠠᠰ ᠴᠢᠳᠠᠪᠤᠷᠢ ᠪᠠᠨ ᠠᠩᠬ᠎ᠠ ᠢᠯᠡᠷᠡᠭᠦᠯᠦᠭᠰᠡᠨ ᠲᠡᠷᠡ ᠪᠠᠷ ᠪᠠᠷᠠᠭᠤᠨ ᠦᠵᠦᠮᠦᠴᠢᠨ ᠬᠤᠰᠢᠭᠤᠨ ᠤ ᠰᠤᠶᠤᠯ ᠲᠠᠮᠢᠷ ᠵᠢᠭᠤᠯᠴᠢᠯᠠᠯ ᠷᠠᠳᠢᠤ᠋ ᠲᠧᠯᠸᠢᠰ ᠲᠤᠪᠴᠢᠶᠠᠨ ᠤ ᠲᠠᠭᠠᠭᠤᠯᠭ᠎ᠠ ᠪᠠᠷ 2018 ᠤᠨ ᠳᠤ ᠬᠦᠯᠦᠨ ᠪᠤᠶᠢᠷ ᠲᠤ ᠪᠤᠯᠤᠭᠰᠠᠨ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠡᠪᠦᠯ ᠤᠨ ᠤᠯᠠᠷᠢᠯ ᠤᠨ ᠪᠡᠶ᠎ᠡ ᠶᠢᠨ ᠲᠠᠮᠢᠷ ᠤᠨ ᠴᠤᠭᠯᠠᠭᠠᠨ ᠤ ᠴᠠᠨ᠎ᠠ ᠭᠤᠯᠭᠤᠯᠳᠠ ᠶᠢᠨ ᠤᠷᠤᠯᠳᠤᠭᠠᠨ ᠳᠤ ᠤᠷᠤᠯᠴᠠᠨ ᠬᠤᠶᠠᠳᠤᠭᠠᠷ ᠲᠤ ᠤᠷᠤᠵᠤ᠂ ᠬᠠᠷᠠᠮᠦ᠋ᠷᠡᠨ ᠮᠤᠵᠢ  ᠶᠢᠨ ᠴᠠᠨ᠎ᠠ ᠭᠤᠯᠭᠤᠯᠳᠠ ᠶᠢᠨ ᠮᠡᠷᠭᠡᠵᠢᠯ ᠤᠨ ᠠᠩᠭᠢ ᠶᠢᠨ ᠰᠤᠷᠭᠠᠭᠴᠢ ᠶᠢᠨ ᠬᠠᠷᠠᠭᠠᠨ ᠳᠤ ᠤᠷᠤᠵᠤ ᠲᠤᠬᠠᠢ ᠶᠢᠨ ᠵᠢᠯ  ᠢᠶᠠᠨ ᠲᠠᠭᠠᠵᠦ ᠪᠤᠯᠪᠠᠰᠤᠷᠠᠵᠤ ᠪᠠᠶᠢᠭᠰᠠᠨ ᠢᠶᠠᠨ ᠤᠯᠤᠰ ᠤᠨ ᠠᠩᠭᠢ ᠳᠤ ᠰᠢᠯᠢᠭᠳᠡᠨ ᠤᠷᠤᠪᠠ᠃      ᠶᠠᠮᠠᠷᠪᠠ ᠠᠵᠢᠯ ᠦᠢᠯᠡᠰ ᠤᠨ ᠠᠮᠵᠢᠯᠳᠠ ᠪᠦᠳᠦᠮᠵᠢ ᠨᠢ ᠬᠦᠯᠦᠰᠦ ᠤᠷᠤᠰᠬᠠᠭᠰᠠᠨ ᠬᠦᠳᠡᠯᠮᠦᠷᠢ ᠵᠢᠳᠬᠦᠯ ᠠᠴᠠ ᠢᠷᠡᠳᠡᠭ᠃ ᠤᠬᠠᠭᠠᠨᠳᠤ ᠬᠡᠳᠦᠶᠢᠪᠡᠷ ᠰᠤᠷᠭᠠᠭᠴᠢ ᠳᠠᠭᠠᠨ ᠲᠤᠭᠤᠠᠠᠳᠠᠵᠦ ᠮᠡᠷᠭᠡᠵᠢᠯ ᠤᠨ ᠠᠩᠭᠢ ᠳᠤ ᠰᠢᠯᠢᠭᠳᠡᠨ ᠪᠤᠯᠪᠠᠰᠤᠷᠠᠬᠤ ᠰᠠᠶᠢᠬᠠᠨ ᠵᠠᠪᠰᠢᠶᠠᠨ ᠤᠯᠤᠭᠰᠠᠨ ᠴᠦ ᠰᠢᠰᠲ᠋ᠧᠮ ᠲᠠᠢ ᠪᠤᠯᠪᠠᠰᠤᠷᠠᠯ ᠬᠦᠷᠳᠡᠭᠰᠡᠨ ᠨᠢ ᠤᠷᠤᠢ᠂ ᠮᠡᠷᠭᠡᠵᠢᠯ ᠤᠨ ᠬᠢᠷᠢ ᠲᠦᠪᠰᠢᠨ ᠲᠤᠤᠷ᠎ᠠ ᠪᠠᠶᠢᠵᠤ ᠰᠢᠷᠬᠠᠳᠤᠯ ᠬᠡᠮᠳᠦᠯ ᠴᠦ ᠤᠯᠵᠤ ᠪᠠᠶᠢᠵᠠᠢ᠃ ᠭᠡᠪᠡᠴᠦ ᠤᠬᠠᠭᠠᠨᠳᠤ ᠪᠡᠶ᠎ᠡ ᠮᠠᠬᠠᠪᠤᠳ ᠤᠨ ᠲᠠᠪᠠᠭᠤᠯᠢᠭ ᠪᠠ ᠬᠤᠭᠤᠷᠠᠬᠤ ᠠᠴᠠ ᠪᠢᠰᠢ ᠨᠤᠭᠤᠷᠠᠬᠤ ᠦᠭᠡᠢ ᠵᠤᠷᠢᠭ ᠰᠠᠨᠠᠭ᠎ᠠ ᠪᠠᠷ ᠡᠷᠳᠡᠯᠡᠵᠦ ᠣᠷᠣᠶᠢᠯᠠᠨ ᠰᠢᠷᠭᠠᠭᠤ ᠪᠤᠯᠪᠠᠰᠤᠷᠠᠵᠦ᠂ ᠨᠡᠩ ᠴᠦ ᠯᠢᠶᠤᠤᠨᠢᠩ ᠮᠤᠵᠢ ᠶᠢᠨ ᠮᠡᠷᠭᠡᠵᠢᠯ ᠤᠨ ᠠᠩᠭᠢ ᠶᠢᠨ ᠰᠤᠷᠴᠤ ᠪᠤᠯᠪᠠᠰᠤᠷᠠᠬᠤ ᠲᠠᠪᠠᠭᠤᠯᠢᠭ ᠨᠦᠬᠦᠴᠡᠯ ᠪᠠ ᠬᠤᠯᠠᠨᠳ᠋᠂ ᠨᠤᠷᠸᠠᠢ ᠵᠡᠷᠭᠡ ᠤᠯᠤᠰ ᠲᠤ ᠬᠦᠷᠴᠦ ᠲᠠᠪᠳᠠᠨ ᠪᠤᠯᠪᠠᠰᠤᠷᠠᠬᠤ ᠪᠤᠯᠤᠭᠰᠠᠨ ᠨᠢ ᠮᠡᠷᠭᠡᠵᠢᠯ ᠤᠨ ᠬᠢᠷᠢ ᠲᠦᠪᠰᠢᠨ ᠢ ᠨᠢ ᠲᠡᠭᠡᠭᠰᠢᠯᠡᠭᠦᠯᠦᠭᠰᠡᠨ ᠲᠡᠳᠦᠢ ᠦᠭᠡᠢ᠂ ᠨᠢᠳᠦᠨ ᠬᠠᠷᠠᠴᠠ ᠶᠢ ᠨᠢ ᠦᠷᠭᠡᠳᠬᠡᠵᠦ ᠤᠯᠤᠰ ᠦᠨᠳᠦᠰᠦᠳᠡᠨ ᠳᠤ ᠪᠠᠨ ᠦᠩᠭᠡ ᠭᠡᠷᠡᠯ ᠠᠪᠴᠢᠷᠠᠬᠤ ᠬᠠᠯᠠᠭᠤᠨ ᠵᠤᠷᠢᠭ ᠢ ᠨᠢ ᠬᠦᠪᠴᠢᠯᠡᠵᠦ ᠪᠠᠶᠢᠵᠠᠢ᠃     ᠡᠶᠢᠨᠬᠦ ᠬᠠᠳᠠᠭᠤᠵᠢᠯᠳᠠᠢ ᠪᠤᠯᠪᠠᠰᠤᠷᠠᠯ ᠢᠶᠠᠷ ᠲᠠᠮᠵᠢᠨ ᠤᠬᠠᠭᠠᠨᠳᠤ ᠤᠬᠤᠷᠬᠠᠨ ᠲᠤᠯᠤᠭᠠᠨ ᠵᠢᠯ ᠤᠨ ᠲᠤᠳᠤᠷ᠎ᠠ ᠲᠤᠪᠤᠶᠢᠮ᠎ᠠ ᠦᠷ᠎ᠡ ᠪᠦᠳᠦᠮᠵᠢ ᠭᠠᠷᠭᠠᠵᠦ᠂ ᠠᠷᠪᠠᠨ ᠲᠦᠷᠪᠡᠳᠦᠭᠡᠷ ᠬᠤᠭᠤᠴᠠᠭᠠᠨ ᠤ ᠪᠦᠬᠦ ᠤᠯᠤᠰ ᠤᠨ ᠪᠡᠶ᠎ᠡ ᠲᠠᠮᠢᠷ ᠤᠨ ᠴᠤᠭᠯᠠᠭᠠᠨ ᠤ ᠡᠪᠦᠯ ᠤᠨ ᠤᠯᠠᠷᠢᠯ ᠤᠨ ᠤᠷᠤᠯᠳᠤᠭᠠᠨ ᠵᠡᠷᠭᠡ ᠪᠦᠬᠦ ᠤᠯᠤᠰ ᠤᠨ ᠬᠡᠪᠴᠢᠶᠡᠨ ᠤ ᠤᠷᠤᠯᠳᠤᠭᠠᠨ ᠳᠤ ᠬᠠᠮᠳᠦ ᠨᠢᠭᠡᠴᠡ ᠪᠠ ᠬᠤᠪᠢ ᠬᠦᠮᠦᠨ ᠤ ᠤᠷᠤᠯᠳᠤᠭᠠᠨ ᠤ ᠲᠦᠷᠦᠯ ᠳᠤ ᠤᠷᠤᠯᠴᠠᠨ ᠠᠯᠳᠠ᠂ ᠮᠦᠩᠭᠦ᠂ ᠬᠦᠷᠡᠯ ᠮᠧᠲᠠᠯ ᠬᠦᠷᠳᠡᠵᠦ ᠂ ᠨᠡᠩ ᠴᠦ 2025 ᠤᠨ ᠤ 2 ᠳ᠋ᠤᠭᠠᠷ ᠰᠠᠷ᠎ᠠ ᠳᠤ ᠬᠠᠷᠪᠢᠨ ᠳᠤ ᠶᠠᠪᠤᠠᠠᠳ᠋ᠬᠠᠰᠠᠨ ᠠᠽᠢᠶ᠎ᠠ ᠶᠢᠨ ᠡᠪᠦᠯ ᠤᠨ ᠤᠯᠠᠷᠢᠯ ᠤᠨ ᠪᠡᠶ᠎ᠡ ᠶᠢᠨ ᠲᠠᠮᠢᠷ ᠤᠨ ᠴᠤᠭᠯᠠᠭᠠᠨ ᠤ ᠴᠠᠨ᠎ᠠ ᠭᠤᠯᠭᠤᠯᠳᠠ ᠶᠢᠨ ᠤᠯᠠᠭ᠎ᠠ ᠲᠠᠮᠵᠢᠭᠤᠯᠬᠤ ᠤᠷᠤᠯᠳᠤᠭᠠᠨ ᠳᠤ ᠬᠦᠷᠡᠯ ᠮᠧᠲᠠᠯ ᠬᠦᠷᠳᠡᠵᠦ ᠡᠬᠡ ᠤᠷᠤᠨ ᠳᠠᠭᠠᠨ ᠢᠷᠠᠭᠤ ᠠᠯᠳᠠᠷ ᠠᠪᠴᠢᠷᠠᠪᠠ᠃ ᠡᠳᠦᠭᠡ ᠴᠠᠨ᠎ᠠ ᠭᠤᠯᠭᠤᠯᠳᠠ ᠶᠢᠨ ᠲᠠᠮᠢᠷᠴᠢᠨ ᠤ ᠢᠳᠡ ᠬᠦᠭ ᠲᠡᠭᠡᠷ᠎ᠡ ᠪᠠᠨ ᠪᠠᠶᠢᠭ᠎ᠠ ᠤᠬᠠᠭᠠᠨᠳᠤ ᠪᠠᠭ᠋ᠠᠷᠬᠠᠵᠦ ᠰᠤᠩᠭᠤᠭᠰᠠᠨ ᠲᠠᠮᠢᠷ ᠤᠨ ᠦᠢᠯᠡᠰ ᠲᠡᠭᠡᠨ ᠰᠢᠭᠤᠷᠬᠠᠶᠢᠯᠠᠨ ᠶᠠᠪᠤᠨ᠎ᠠ ᠃ ᠲᠡᠭᠦᠨ ᠤ ᠠᠮᠵᠢᠯᠳᠠ ᠪᠦᠳᠦᠭᠡᠯ ᠨᠢ ᠮᠦᠨ ᠴᠦ ᠪᠠᠷᠠᠭᠤᠨ ᠦᠵᠦᠮᠦᠴᠢᠨ ᠬᠤᠰᠢᠭᠤᠨ ᠤ ᠪᠡᠶ᠎ᠡ ᠶᠢᠨ ᠲᠠᠮᠢᠷ ᠤᠨ ᠦᠢᠯᠡᠰ ᠤᠨ ᠪᠠᠰᠠ ᠨᠢᠭᠡ ᠬᠢᠯᠠᠯᠵᠠᠭᠰᠠᠨ ᠠᠮᠵᠢᠯᠳᠠ ᠶᠢ ᠬᠠᠷᠠᠭᠤᠯᠬᠤ ᠪᠢᠯᠡ᠃  
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠬᠠᠮ ᠵᠠᠭᠤᠴᠢᠯᠠᠭᠤᠷ ᠤᠨ ᠲᠥᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号