ᠵᠠᠷᠢᠮ ᠦᠶ᠎ᠡ ᠳᠤ᠂ ᠤᠨᠲᠠᠭᠠᠳ ᠰᠡᠷᠡᠬᠦ ᠳᠤ ᠶᠠᠳᠠᠷᠠᠭ᠎ᠠ ᠴᠢᠯᠡᠭᠡ ᠲᠠᠶᠢᠯᠤᠭᠳᠠᠬᠰᠡᠨ ᠦᠭᠡᠢ ᠮᠦᠷᠲᠡᠭᠡᠨ | ᠭᠡᠳᠡᠷᠭᠦ ᠪᠠᠨ ᠪᠦᠬᠦ ᠪᠡᠶ᠎ᠡ ᠬᠦᠰᠢᠵᠦ᠂ ᠬᠦᠵᠦᠭᠦᠤ ᠨᠢᠷᠤᠭᠤ ᠡᠪᠡᠳᠳᠡᠭ᠃ ᠡᠨᠡ ᠨᠢ ᠶᠠᠭᠤᠨ ᠠᠴᠠ ᠪᠤᠯᠤᠬᠰᠡᠨ ᠪᠤᠯ︖ | | ᠡᠯᠢᠭᠡᠳᠡᠵᠦ ᠬᠡᠪᠲᠡᠬᠦ ᠨᠢ ᠨᠢᠷᠤᠭᠤᠨ ᠳᠤ ᠮᠠᠭᠤ᠃ ᠵᠠᠷᠢᠮ ᠬᠦᠮᠦᠨ ᠤᠨᠲᠠᠬᠤ ᠠᠴᠠ ᠪᠠᠨ ᠡᠮᠦᠨ᠎ᠡ ᠡᠯᠢᠭᠡᠳᠡᠵᠦ | ᠬᠡᠪᠲᠡᠭᠡᠳ ᠨᠤᠮ ᠦᠵᠡᠬᠦ ᠪᠤᠶᠤ ᠭᠠᠷ ᠤᠲᠠᠰᠦ ᠨᠠᠭᠠᠳᠴᠦ᠂ ᠨᠦᠢᠷ ᠬᠦᠷᠪᠡᠯ ᠲᠡᠷᠡ ᠬᠡᠪ ᠢᠶᠠᠷ ᠢᠶᠠᠨ | ᠤᠨᠲᠠᠴᠢᠬᠠᠳᠠᠭ᠃ ᠪᠠᠭ᠎ᠠ ᠲᠤᠬᠬᠢᠭᠠᠳ ᠠᠪᠤᠪᠠᠯ ᠴᠦ ᠶᠠᠭᠠᠬᠢᠬᠤᠪ︕ᠬᠠᠷᠢᠨ ᠰᠦᠨᠢᠵᠢᠨ ᠢᠡᠭᠬᠢᠭᠡᠳ ᠤᠨᠳᠠᠬᠤ | ᠶᠤᠮ ᠪᠤᠯ ᠰᠡᠷᠡᠭᠰᠡᠨ ᠤ ᠳᠠᠷᠠᠭ᠎ᠠ ᠬᠦᠵᠦᠭᠦᠦ ᠨᠢᠷᠤᠭᠤ ᠡᠪᠡᠳᠴᠦ ᠮᠡᠳᠡᠨ᠎ᠡ᠃ᠤᠴᠢᠷ ᠨᠢ ᠡᠯᠢᠭᠡᠳᠡᠵᠦ ᠬᠡᠪᠲᠡᠬᠦ ᠨᠢ | ᠰᠡᠭᠡᠷ ᠪᠠ ᠨᠢᠷᠤᠭᠤᠨ ᠤ ᠬᠡᠪ ᠤᠨ ᠪᠠᠶᠢᠳᠠᠯ ᠢ ᠨᠦᠯᠦᠭᠡᠯᠡᠵᠦ᠂ ᠨᠤᠮᠤᠯᠵᠢᠨ ᠬᠡᠯᠪᠡᠷᠢ ᠲᠠᠢ ᠪᠤᠯᠵᠦ᠂ ᠠᠮᠢᠰᠬᠤᠬᠤ ᠳᠤ | ᠲᠦᠭᠦᠮ ᠦᠭᠡᠢ ᠪᠤᠯᠬᠤᠷ ᠬᠦᠵᠦᠭᠦᠤ ᠪᠠᠨ ᠪᠠᠰᠠ ᠨᠢᠭᠡ ᠲᠡᠶᠢᠰᠢ ᠪᠠᠨ ᠭᠡᠯᠪᠠᠶᠢᠯᠭᠡᠳᠡᠭ᠃ | | ᠠᠲᠤᠷᠢᠵᠦ ᠬᠡᠪᠲᠡᠬᠦ ᠨᠢ ᠨᠢᠷᠤᠭᠤᠨ ᠳᠤ ᠮᠠᠭᠤ᠃ ᠵᠠᠷᠢᠮ ᠬᠦᠮᠦᠨ ᠳᠠᠭᠠᠷᠠᠬᠰᠠᠭᠠᠷ ᠬᠦᠨᠵᠢᠯᠡ ᠳᠡᠭᠡᠨ | ᠰᠢᠷᠭᠤᠵᠦ ᠠᠲᠤᠷᠢᠵᠦ ᠬᠡᠪᠲᠡᠳᠡᠭ᠂ ᠢᠡᠭᠭᠢᠵᠦ ᠤᠷᠲᠦ ᠬᠤᠭᠤᠴᠠᠭ᠎ᠠ ᠪᠠᠷ ᠬᠡᠪᠳᠡᠪᠡᠯ ᠨᠢᠷᠤᠭᠤ ᠱᠠᠷᠬᠢᠷᠠᠨ | ᠡᠪᠡᠳᠦᠨ᠎ᠡ᠃ ᠤᠴᠢᠷ ᠨᠢ ᠠᠲᠤᠷᠢᠵᠦ ᠬᠡᠪᠲᠡᠬᠦ ᠨᠢ ᠪᠦᠭᠲᠦ᠋ᠢᠭᠰᠡᠨ ᠲᠠᠢ ᠠᠳᠠᠯᠢ ᠪᠠᠶᠢᠵᠦ ᠨᠢᠷᠤᠭᠤ ᠪᠤᠯᠴᠢᠩ | ᠪᠦᠷᠢᠮᠦᠰᠦᠨ ᠲᠠᠯᠪᠢᠬᠳᠠᠵᠦ ᠴᠢᠳᠠᠬᠤ ᠦᠭᠡᠢ ᠮᠦᠷᠲᠡᠭᠡᠨ ᠤᠯᠠᠮ ᠴᠢᠯᠡᠭᠡᠷᠬᠡᠵᠦ ᠨᠢᠷᠤᠭᠤ ᠱᠠᠷᠬᠢᠷᠠᠨᠡᠪᠡᠳᠳᠡᠭ᠃ | | ᠲᠡᠭᠡᠪᠡᠯ ᠶᠠᠭᠠᠬᠢᠵᠦ ᠬᠡᠪᠲᠡᠪᠡᠯ ᠵᠤᠬᠢᠬᠤ ᠪᠤᠢ︖ ᠳᠡᠭᠡᠭᠡᠰᠢ ᠬᠠᠷᠠᠵᠦ ᠬᠡᠪᠲᠡᠪᠡᠯ ᠬᠤᠷᠳᠤᠨ ᠤᠨᠲᠠᠳᠠᠭ ᠳᠡᠭᠡᠭᠰᠢ | ᠬᠠᠷᠠᠵᠦ ᠲᠡᠭᠰᠢᠬᠡᠨ ᠬᠡᠪᠲᠡᠪᠡᠯ ᠨᠢᠷᠤᠭᠤ ᠬᠦᠵᠦᠭᠦᠨ ᠤ ᠪᠤᠯᠴᠢᠩ ᠰᠤᠯᠠᠷᠠᠵᠦ᠂ ᠴᠢᠯᠡᠭᠡ ᠲᠠᠶᠢᠯᠤᠭᠳᠠᠨ ᠪᠡᠶ᠎ᠡ ᠰᠡᠳᠬᠢᠯ | ᠲᠠᠶᠢᠪᠤᠰᠢᠷᠠᠵᠦ ᠬᠤᠷᠳᠦᠨ ᠤᠨᠲᠠᠵᠤ ᠴᠢᠳᠠᠳᠠᠭ᠃ | ᠡᠪᠦᠳᠦᠭ ᠲᠤᠤᠷ᠎ᠠ ᠪᠠᠨ ᠲᠡᠷᠡ ᠪᠤᠶᠤ ᠲᠡᠪᠢᠰᠭᠡᠷ ᠲᠠᠯᠪᠢᠵᠦ ᠬᠡᠪᠲᠡᠪᠡᠯ ᠨᠢᠷᠦᠭᠤ ᠪᠠ ᠰᠡᠭᠡᠷ ᠤᠨ ᠡᠷᠡᠭᠦᠯ | ᠮᠡᠨᠲᠦ ᠳᠤ ᠠᠰᠢᠬᠲᠠᠢ ᠪᠦᠭᠡᠳ ᠨᠢᠷᠤᠭᠤ ᠡᠪᠡᠳᠬᠦ ᠶᠢ ᠰᠡᠷᠭᠡᠶᠢᠯᠡᠬᠦ ᠪᠤᠶᠤ ᠨᠠᠮᠳᠠᠭᠠᠳᠠᠭ᠂ ᠬᠠᠵᠠᠭᠤᠯᠠᠵᠦ | ᠭᠡᠪᠲᠡᠬᠦ ᠳᠡᠭᠡᠨ ᠲᠠᠷᠡ ᠵᠢᠨᠦᠨᠳᠦᠷ ᠢ ᠨᠢᠳᠤᠷᠭ᠎ᠠ ᠶᠢᠨ ᠬᠢᠷᠢ ᠪᠠᠶᠢᠯᠭᠠᠪᠠᠯ ᠪᠤᠯᠴᠢᠬᠠᠨ᠎ᠡ᠃ ᠬᠡᠲᠦ ᠦᠨᠳᠦᠷ ᠪᠤᠶᠤ | ᠬᠡᠲᠦ ᠲᠤᠤᠷ᠎ᠠ ᠲᠡᠷᠡᠯᠡᠬᠦ ᠦᠭᠡᠢ ᠪᠤᠯᠰᠠᠶᠢᠨ᠃ | ᠲᠡᠬᠢᠪᠠᠯ ᠲᠤᠤᠷᠠᠬᠢ ᠭᠤᠷᠪᠠᠨ ᠵᠦᠢᠯ ᠤᠨ ᠬᠦᠮᠦᠨ ᠬᠠᠵᠠᠭᠤᠯᠠᠵᠦ ᠬᠡᠪᠲᠡᠪᠡᠯ ᠰᠠᠶᠢᠨ᠄ | | ᠨᠢᠭᠡ᠂ ᠬᠠᠮᠠᠷ ᠲᠠᠳᠠᠳᠠᠭ ᠬᠦᠮᠦᠨ᠃ ᠲᠡᠭᠡᠭᠰᠢ ᠬᠠᠷᠠᠵᠦ ᠬᠡᠪᠲᠡᠪᠡᠯ ᠠᠮᠠ ᠠᠮᠠᠷᠬᠠᠨ ᠠᠩᠭᠠᠢᠢᠵᠦ᠂ ᠬᠡᠯᠡ | ᠮᠡᠳᠡᠶᠢᠳᠠᠭ ᠠᠴᠠ ᠠᠮᠢᠰᠬᠤᠯ ᠤᠨ ᠵᠠᠮ ᠢ ᠬᠠᠷᠰᠢᠯᠠᠵᠦ᠂ ᠬᠠᠮᠠᠷ ᠲᠠᠳᠠᠬᠤ ᠨᠢ ᠠᠬᠠᠳᠠᠳᠠᠭ᠃ ᠬᠠᠷᠢᠨ ᠬᠠᠵᠠᠭᠤᠯᠠᠵᠦ | ᠬᠡᠪᠲᠡᠪᠡᠯ ᠠᠮᠢᠰᠬᠤᠯ ᠤᠨ ᠵᠠᠮ ᠠᠶᠠᠨᠳᠠᠭᠠᠨ ᠰᠢᠯᠤᠭᠤᠳᠴᠦ᠂ ᠬᠤᠷᠬᠢᠷᠠᠬᠤ ᠪᠤᠶᠤ ᠬᠠᠮᠠᠷ ᠲᠡᠳᠠᠬᠤ ᠶᠢ ᠠᠶᠠᠨᠳᠠᠭᠠᠨ | ᠨᠠᠮᠳᠠᠭᠠᠳᠠᠭ᠃ | ᠬᠤᠶᠠᠷ᠂ ᠬᠦᠵᠦᠭᠦᠤ ᠨᠢᠷᠤᠭᠤᠨ ᠤ ᠠᠷᠬᠠᠭ ᠲᠠᠢ ᠬᠦᠮᠦᠨ᠃ ᠬᠠᠵᠠᠭᠤᠯᠠᠵᠦ ᠬᠡᠪᠲᠡᠬᠦ ᠳᠡᠭᠡᠨ ᠬᠦᠯ ᠤᠨ | ᠲᠤᠮᠳᠠ ᠪᠠᠨ ᠲᠡᠷᠡ ᠪᠤᠶᠤ ᠲᠡᠪᠢᠰᠭᠡᠷ ᠬᠠᠪᠴᠢᠭᠤᠯᠪᠠᠯ ᠨᠢᠷᠤᠭᠤ ᠶᠢᠨ ᠡᠷᠡᠭᠦᠯ ᠮᠡᠨᠲᠦ ᠳᠤ ᠠᠰᠢᠬᠲᠠᠢ ᠮᠦᠷᠲᠡᠭᠡᠨ | ᠨᠢᠷᠤᠭᠤ ᠡᠪᠳᠡᠬᠦ ᠶᠢ ᠰᠡᠷᠭᠡᠶᠢᠯᠡᠳᠡᠭ᠃ | ᠭᠤᠷᠪᠠ᠂ ᠠᠮᠠᠷᠬᠠᠨ ᠰᠢᠷ᠎ᠠ ᠬᠤᠰᠤᠳᠠᠭ ᠬᠦᠮᠦᠨ᠃ ᠠᠮᠠᠷᠬᠠᠨ ᠰᠢᠷ᠎ᠡ ᠬᠤᠰᠤᠳᠠᠭ ᠪᠤᠶᠤ ᠤᠷᠤᠢ ᠶᠢᠨ | ᠬᠤᠭᠤᠯᠠ ᠪᠠᠨ ᠬᠡᠳᠦᠷᠡᠳᠡᠯ᠎ᠡ ᠢᠳᠡᠭᠰᠡᠨ ᠪᠤᠯ ᠪᠦᠰᠡᠯᠡᠭᠦᠷ ᠡᠴᠠᠲ᠋ᠡᠭᠡᠭᠰᠢᠬᠢ ᠬᠡᠰᠡᠭ ᠤᠨ ᠤᠷᠦ ᠪᠠᠨ ᠵᠢᠭᠠᠬᠠᠨ | ᠦᠨᠳᠦᠷ ᠪᠤᠯᠭᠠᠵᠦ ᠵᠠᠭᠦᠨ ᠲᠡᠯ᠎ᠡ ᠪᠠᠷ ᠢᠶᠠᠨ ᠬᠠᠵᠠᠭᠤᠯᠠᠵᠦ ᠬᠡᠪᠲᠡᠨ᠎ᠡ᠃ ᠢᠡᠭᠬᠢᠪᠡᠯ ᠰᠢᠷ᠎ᠡ ᠬᠤᠰᠤᠬᠤ ᠦᠭᠡᠢ | ᠮᠦᠷᠲᠡᠭᠡᠨ ᠰᠠᠶᠢᠬᠠᠨ ᠠᠮᠠᠷᠠᠵᠦ ᠲᠡᠶᠢᠯᠦᠨ᠎ᠡ᠃ |