ᠵᠦᠬᠡᠢ ᠶᠢᠨ ᠪᠠᠯ᠄ ᠵᠦᠬᠡᠢ ᠶᠢᠨ ᠪᠠᠯ ᠲᠤᠲᠤᠷ᠎ᠠ ᠨᠢᠭᠡ ᠵᠦᠢᠯ ᠤᠨ ᠪᠦᠷᠢᠯᠳᠦᠬᠦᠨ ᠨᠢ ᠰᠫᠢᠷᠲ ᠢ ᠵᠠᠳᠠᠷᠠᠭᠤᠯᠬᠤ | ᠦᠢᠯᠡᠳᠦᠯ ᠲᠠᠢ ᠪᠣᠯᠬᠤᠷ ᠠᠷᠢᠬᠢᠨ ᠤ ᠳᠠᠷᠠᠭ᠎ᠠ ᠪᠠᠯ ᠤᠤᠭᠤᠪᠠᠯ ᠰᠠᠶᠢᠨ᠃ | ᠦᠵᠦᠮ᠄ ᠦᠵᠦᠮ ᠤᠨ ᠲᠤᠲᠤᠷ᠎ᠠ ᠡᠯᠪᠡᠭ ᠪᠠᠶᠠᠯᠢᠭ ᠳᠠᠷᠠᠰᠤᠨ ᠴᠢᠯᠠᠭᠤᠨ ᠬᠦᠴᠢᠯ ᠠᠭᠤᠯᠤᠭᠳᠠᠳᠠᠭ᠃ ᠲᠤᠰ | ᠬᠦᠴᠢᠯ ᠨᠢ ᠰᠫᠢᠷᠲ ᠢ ᠬᠤᠪᠢᠷᠠᠭᠠᠬᠤ ᠦᠢᠯᠠᠳᠦᠯ ᠲᠠᠢ ᠪᠣᠯᠬᠤᠷ ᠠᠷᠢᠬᠢᠨ ᠠᠴᠠ ᠡᠮᠦᠨ᠎ᠡ ᠵᠢᠭᠠᠬᠠᠨ ᠦᠵᠦᠮ | ᠢᠳᠡᠪᠡᠯ ᠠᠷᠢᠬᠢᠨ ᠳᠤ ᠬᠤᠤᠷᠳᠠᠭᠳᠠᠬᠤ ᠶᠢ ᠰᠡᠷᠭᠡᠶᠢᠯᠡᠨ᠎ᠡ᠃ | ᠵᠦᠵᠢᠷᠯᠢᠭ ᠵᠢᠮᠢᠰ ︵柚子︶᠄ ᠲᠤᠷᠰᠢᠯᠲᠠ ᠬᠡᠷᠡᠴᠢᠯᠡᠭᠰᠡᠨ ᠢᠶᠠᠷ᠂ ᠠᠷᠢᠬᠢᠨ ᠤ ᠳᠠᠷᠠᠭ᠎ᠠ ᠵᠦᠷᠵᠢᠯᠢᠭ | ᠵᠢᠮᠢᠰ ᠤᠨ ᠭᠤᠤᠯ ᠢ ᠴᠠᠭᠠᠨ ᠰᠢᠬᠢᠷ ᠲᠤ ᠲᠦᠷᠦᠵᠦ ᠢᠳᠡᠪᠡᠯ ᠠᠷᠢᠬᠢ ᠶᠢ ᠰᠡᠷᠭᠦᠬᠡᠬᠦ ᠦᠢᠯᠡᠳᠦᠯ ᠲᠠᠢ᠃ | ᠴᠣᠭᠤᠷ᠄ ᠴᠤᠭᠤᠷ ᠤᠨ ᠲᠤᠲᠤᠷᠠᠬᠢ ᠡᠯᠪᠡᠭ ᠬᠠᠮ ᠸᠢᠲ᠋ᠠᠮᠢᠨ B ᠨᠢ ᠠᠷᠢᠬᠢ ᠶᠢ ᠬᠤᠷᠳᠤᠨ ᠰᠡᠷᠭᠦᠬᠡᠬᠦ | ᠦᠢᠯᠡᠳᠦᠯ ᠲᠠᠢ᠃ | ᠡᠭᠡᠳᠡᠭᠰᠡᠨ ᠰᠦ᠄ ᠡᠭᠡᠳᠡᠭᠰᠡᠨ ᠰᠦ ᠨᠢ ᠬᠤᠳᠤᠭᠤᠳᠤ ᠶᠢ ᠬᠠᠮᠠᠭᠠᠯᠠᠵᠤ ᠰᠫᠢᠷᠲ ᠢ ᠬᠤᠷᠢᠭᠯᠠᠬᠤ ᠦᠢᠯᠡᠳᠦᠯ | ᠲᠠᠢ᠃ ᠪᠠᠨᠠᠨᠠ᠄ ᠠᠷᠢᠬᠢᠨ ᠤ ᠳᠠᠷᠠᠭ᠎ᠠ ᠪᠠᠨᠠᠨᠠ ᠢᠳᠡᠪᠡᠯ ᠴᠢᠰᠤᠨ ᠳᠠᠬᠢ ᠰᠫᠢᠷᠲ ᠤᠨ ᠦᠳᠭᠡᠨ ᠢ ᠲᠦᠷᠬᠡᠨ | ᠪᠠᠭᠤᠷᠠᠭᠤᠯᠵᠤ ᠠᠷᠢᠬᠢ ᠶᠢ ᠬᠤᠷᠳᠤᠨ ᠰᠡᠷᠭᠦᠭᠡᠨ᠎ᠡ᠃ | ᠨᠠᠩᠬᠢᠶᠠᠳ ᠠᠷᠤᠷ᠎ᠠ ︵橄榄︶᠄ ᠡᠷᠳᠡ ᠤᠵᠤᠭᠤᠷ ᠠᠴᠠ ᠠᠪᠤᠭᠠᠳ ᠨᠠᠩᠬᠢᠶᠠᠳ ᠠᠷᠤᠷ᠎ᠠ ᠶᠢ ᠠᠷᠢᠬᠢ | ᠰᠡᠷᠭᠦᠬᠡᠬᠦ ᠰᠠᠶᠢᠨ ᠡᠮ ᠭᠡᠮᠡᠳᠡᠭ᠃ ᠠᠷᠢᠬᠢᠨ ᠤ ᠳᠠᠷᠠᠭ᠎ᠠ ᠨᠠᠩᠬᠢᠶᠠᠳ ᠠᠷᠤᠷ᠎ᠠ ᠶᠢ ᠮᠦᠰᠦᠨ ᠰᠢᠬᠢᠷ ᠲᠠᠢ ᠴᠢᠨᠠᠵᠤ | ᠰᠦᠮᠦᠰᠦ ᠶᠢ ᠨᠢ ᠤᠤᠭᠤᠪᠠᠯ ᠰᠠᠶᠢᠨ ᠪᠠᠶᠢᠳᠠᠭ᠃ |