| | ᠰᠢᠨᠬᠤᠸᠠ ᠬᠤᠷᠢᠶ᠎ᠠ ᠶᠢᠨ ᠪᠡᠭᠡᠵᠢᠩ ᠤᠨ 1 ᠰᠠᠷ᠎ᠠ ᠶᠢᠨ10 ᠤ ᠴᠠᠬᠢᠯᠭᠠᠨ ᠮᠡᠳᠡᠭᠡ ᠣᠶᠢᠷ᠎ᠠ ᠳᠤ ᠳᠤᠮᠳᠠᠳᠤ | ᠤᠯᠤᠰ ᠤᠨ ᠡᠪ ᠬᠠᠮᠲᠤ ᠨᠠᠮ ᠤᠨ ᠲᠥᠪ ᠬᠤᠷᠢᠶ᠎ᠠ ᠶᠢᠨ ᠶᠡᠷᠦᠩᠬᠡᠢ ᠱᠦᠵᠢ᠂ ᠤᠯᠤᠰ ᠤᠨ ᠲᠡᠷᠢᠭᠦᠯᠡᠭᠴᠢ᠂ ᠲᠥᠪ ᠤᠨ | ᠴᠡᠷᠢᠭ ᠤᠨ ᠶᠠᠪᠤᠳᠠᠯ ᠤᠨ ᠬᠤᠷᠢᠶ᠎ᠠ ᠶᠢᠨ ᠲᠡᠷᠢᠭᠦᠯᠡᠭᠴᠢ ᠰᠢ ᠶᠢᠨ ᠫᠢᠩ ᠤᠯᠤᠰ ᠤᠨ ᠪᠡᠭᠡᠵᠢᠩ ᠵᠦᠴᠦᠭᠡ ᠶᠢᠨ | ᠬᠦᠷᠢᠶᠡᠯᠡᠩ ᠤᠨ ᠵᠠᠯᠠᠭᠤ ᠤᠷᠠᠯᠢᠭ ᠤᠨ ᠠᠵᠢᠯᠲᠠᠳ ᠲᠤ ᠬᠠᠷᠢᠭᠤ ᠵᠠᠬᠢᠳᠠᠯ ᠢᠯᠡᠭᠡᠵᠦ᠂ ᠤᠯᠤᠰ ᠤᠨ ᠪᠡᠭᠡᠵᠢᠩ | ᠵᠦᠴᠦᠭᠡ ᠶᠢᠨ ᠬᠦᠷᠢᠶᠡᠯᠡᠩ ᠪᠠᠶᠢᠭᠤᠯᠤᠭᠳᠠᠭᠰᠠᠨ 70 ᠵᠢᠯ ᠤᠨ ᠣᠶ ᠬᠦᠷᠴᠦ ᠢᠷᠡᠬᠦ ᠲᠠᠰᠢᠷᠠᠮ ᠢᠶᠠᠷ ᠪᠦᠭᠦ ᠲᠣᠭᠯᠠᠭᠴᠢᠳ | ᠠᠵᠢᠯᠲᠠᠳ ᠲᠤ ᠪᠠᠶᠠᠷ ᠬᠦᠷᠭᠡᠵᠦ ᠮᠡᠨᠳᠦᠴᠢᠯᠡᠯ ᠳᠡᠪᠰᠢᠭᠦᠯᠪᠡ᠃ | ᠰᠢ ᠶᠢᠨ ᠫᠢᠩ ᠬᠠᠷᠢᠭᠤ ᠵᠠᠬᠢᠳᠠᠯ ᠳᠠᠭᠠᠨ᠂ ᠤᠯᠤᠰ ᠤᠨ ᠪᠡᠭᠡᠵᠢᠩ ᠵᠦᠴᠦᠭᠡ ᠶᠢᠨ ᠬᠦᠷᠢᠶᠡᠯᠡᠩ | ᠪᠠᠶᠢᠭᠤᠯᠤᠭᠳᠠᠭᠰᠠᠨ ᠠᠴᠠ ᠨᠠᠭᠠᠰᠢ ᠨᠠᠮ ᠤᠨ ᠤᠳᠬ᠎ᠠ ᠤᠷᠠᠯᠢᠭ ᠤᠨ ᠴᠢᠭᠯᠡᠯᠲᠡ ᠲᠦᠷᠦ ᠶᠢᠨ ᠪᠣᠳᠣᠯᠭ᠎ᠠ ᠶᠢ | ᠲᠤᠭᠤᠰᠢᠯᠠᠭᠤᠯᠵᠤ᠂ ᠮᠠᠰᠢ ᠤᠯᠠᠨ ᠰᠣᠩᠭᠤᠳᠠᠭ ᠵᠦᠴᠦᠭᠡ ᠶᠢ ᠵᠣᠬᠢᠶᠠᠨ ᠪᠦᠲᠦᠭᠡᠵᠦ ᠲᠣᠭᠯᠠᠨ᠂ ᠴᠥᠭᠡᠨ ᠪᠤᠰᠤ ᠰᠢᠯᠢᠳᠡᠭ | ᠤᠷᠠᠯᠢᠭ ᠤᠨ ᠴᠢᠳᠠᠪᠤᠷᠢᠲᠠᠨ ᠴᠣᠯᠭᠤᠷᠠᠨ ᠭᠠᠷᠴᠤ᠂ ᠳᠤᠮᠳᠠᠳᠤ ᠶᠢᠨ ᠰᠢ ᠵᠦᠴᠦᠭᠡ ᠶᠢᠨ ᠥᠨᠢᠷ ᠴᠡᠴᠡᠭ ᠤᠨ | ᠬᠦᠷᠢᠶᠡᠯᠡᠩ ᠳᠤ ᠭᠤᠶᠢᠳᠠ ᠰᠠᠶᠢᠬᠠᠨ ᠥᠩᠭᠡ ᠪᠤᠳᠤᠭ ᠨᠡᠮᠡᠷᠢᠯᠡᠪᠡ᠃ ᠰᠢᠨ᠎ᠡ ᠭᠠᠷᠤᠭ᠎ᠠ ᠳᠡᠭᠡᠷ᠎ᠡ ᠠᠴᠠ ᠲᠠ ᠨᠠᠷ ᠠᠬᠠᠮᠠᠳ | ᠦᠶ᠎ᠡ ᠶᠢᠨ ᠠᠯᠳᠠᠷᠲᠤ ᠬᠥᠮᠥᠰ ᠤᠨ ᠰᠢᠯᠢᠳᠡᠭ ᠤᠯᠠᠮᠵᠢᠯᠠᠯ ᠢ ᠵᠠᠯᠭᠠᠮᠵᠢᠯᠠᠵᠤ᠂ ᠤᠳᠬ᠎ᠠ ᠤᠷᠠᠯᠢᠭ ᠠᠷᠠᠳ ᠲᠦᠮᠡᠨ ᠳᠤ | ᠦᠢᠯᠡᠴᠢᠯᠡᠬᠦ ᠵᠣᠷᠢᠭ ᠰᠠᠨᠠᠭ᠎ᠠ ᠶᠢ ᠦᠢᠯᠡᠳᠦᠯᠭᠡᠵᠢᠭᠦᠯᠵᠦ᠂ ᠶᠣᠰᠣ ᠰᠤᠷᠲᠠᠬᠤᠨ ᠢ ᠳᠡᠭᠡᠳᠦᠯᠡᠨ ᠤᠷᠠᠯᠢᠭ ᠢ ᠡᠷᠬᠢᠮᠯᠡᠵᠦ᠂ | ᠲᠥᠪ ᠶᠣᠰᠣ ᠶᠢ ᠰᠠᠬᠢᠨ ᠰᠢᠨ᠎ᠡ ᠶᠢ ᠡᠭᠦᠳᠬᠦ ᠶᠢ ᠪᠠᠷᠢᠮᠲᠠᠯᠠᠵᠤ᠂ ᠪᠡᠭᠡᠵᠢᠩ ᠵᠦᠴᠦᠭᠡ ᠶᠢᠨ ᠤᠷᠠᠯᠢᠭ ᠤᠨ ᠴᠠᠭ ᠦᠶ᠎ᠡ ᠶᠢᠨ | ᠭᠡᠷᠡᠯ ᠭᠢᠯᠪᠠᠭ᠎ᠠ ᠶᠢ ᠦᠷᠭᠦᠯᠵᠢᠯᠡᠨ ᠰᠠᠴᠤᠷᠠᠭᠤᠯᠵᠤ᠂ ᠤᠳᠬ᠎ᠠ ᠤᠷᠠᠯᠢᠭ ᠤᠨ ᠦᠢᠯᠡᠰ ᠢ ᠴᠡᠴᠡᠭᠯᠡᠭᠦᠯᠦᠨ ᠬᠥᠭᠵᠢᠭᠦᠯᠬᠦ᠂ | ᠰᠣᠶᠣᠯ ᠤᠨ ᠬᠦᠴᠦᠷᠬᠡᠭ ᠤᠯᠤᠰ ᠢ ᠪᠦᠲᠦᠭᠡᠨ ᠪᠠᠶᠢᠭᠤᠯᠬᠤ ᠳᠤ ᠬᠦᠴᠦᠨ ᠴᠢᠳᠠᠯ ᠢᠶᠠᠨ ᠡᠷᠭᠦᠬᠦ ᠶᠢ ᠬᠦᠰᠡᠵᠦ ᠪᠠᠶᠢᠨ᠎ᠠ | ᠭᠡᠪᠡ᠃ | ᠤᠯᠤᠰ ᠤᠨ ᠪᠡᠭᠡᠵᠢᠩ ᠵᠦᠴᠦᠭᠡ ᠶᠢᠨ ᠬᠦᠷᠢᠶᠡᠯᠡᠩ ᠪᠣᠯ ᠰᠣᠶᠣᠯ ᠪᠠ ᠵᠢᠭᠤᠯᠴᠢᠯᠠᠯ ᠤᠨ ᠶᠠᠮᠤᠨ ᠤ ᠰᠢᠭᠤᠳ | ᠬᠠᠷᠢᠶ᠎ᠠ ᠤᠯᠤᠰ ᠤᠨ ᠤᠷᠠᠯᠢᠭ ᠤᠨ ᠬᠦᠷᠢᠶᠡᠯᠡᠩ ᠪᠦᠯᠭᠦᠮ ᠪᠠᠶᠢᠵᠤ᠂ ᠤᠤᠯ ᠤᠨ 1955 ᠣᠨ ᠤ 1 ᠰᠠᠷ᠎ᠠ ᠳᠤ | ᠪᠠᠶᠢᠭᠤᠯᠤᠭᠳᠠᠭᠰᠠᠨ ᠳᠤᠮᠳᠠᠳᠤ ᠤᠯᠤᠰ ᠤᠨ ᠪᠡᠭᠡᠵᠢᠩ ᠵᠦᠴᠦᠭᠡ ᠶᠢᠨ ᠬᠦᠷᠢᠶᠡᠯᠡᠩ ᠪᠣᠯᠣᠨ᠎ᠠ᠃ ᠮᠧᠶ ᠯᠠᠨ ᠹᠠᠩ | ᠠᠩᠬᠠᠳᠠᠭᠴᠢ ᠬᠦᠷᠢᠶᠡᠯᠡᠩ ᠤᠨ ᠳᠠᠷᠤᠭ᠎ᠠ ᠪᠠᠶᠢᠭᠰᠠᠨ ᠪᠥᠭᠡᠳ 2007 ᠣᠨ ᠳᠤ ᠤᠯᠤᠰ ᠤᠨ ᠪᠡᠭᠡᠵᠢᠩ ᠵᠦᠴᠦᠭᠡ ᠶᠢᠨ | ᠬᠦᠷᠢᠶᠡᠯᠡᠩ ᠭᠡᠵᠦ ᠨᠡᠷ᠎ᠡ ᠪᠠᠨ ᠬᠠᠯᠠᠪᠠ᠃ ᠣᠶᠢᠷ᠎ᠠ ᠳᠤ ᠤᠯᠤᠰ ᠤᠨ ᠪᠡᠭᠡᠵᠢᠩ ᠵᠦᠴᠦᠭᠡ ᠶᠢᠨ ᠬᠦᠷᠢᠶᠡᠯᠡᠩ ᠤᠨ ᠪᠦᠭᠦ | ᠵᠠᠯᠠᠭᠤ ᠤᠷᠠᠯᠢᠭ ᠤᠨ ᠠᠵᠢᠯᠲᠠᠳ ᠶᠡᠷᠦᠩᠬᠡᠢ ᠱᠦᠵᠢ ᠰᠢ ᠶᠢᠨ ᠫᠢᠩ ᠳᠤ ᠵᠠᠬᠢᠳᠠᠯ ᠪᠢᠴᠢᠵᠦ᠂ ᠪᠡᠭᠡᠵᠢᠩ ᠵᠦᠴᠦᠭᠡ ᠶᠢᠨ | ᠤᠷᠠᠯᠢᠭ ᠢ ᠤᠯᠠᠮᠵᠢᠯᠠᠨ ᠵᠠᠯᠭᠠᠮᠵᠢᠯᠠᠵᠤ ᠪᠠᠶᠢᠭ᠎ᠠ ᠬᠤᠯᠪᠣᠭᠳᠠᠯ ᠪᠦᠬᠦᠢ ᠪᠠᠶᠢᠳᠠᠯ ᠢᠶᠠᠨ ᠬᠠᠷᠢᠭᠤ ᠮᠡᠳᠡᠭᠦᠯᠵᠦ᠂ ᠪᠡᠭᠡᠵᠢᠩ | ᠵᠦᠴᠦᠭᠡ ᠶᠢᠨ ᠦᠢᠯᠡᠰ ᠢ ᠴᠡᠴᠡᠭᠯᠡᠭᠦᠯᠦᠨ ᠬᠥᠭᠵᠢᠭᠦᠯᠬᠦ᠂ ᠳᠤᠮᠳᠠᠳᠤ ᠶᠢᠨ ᠰᠢᠯᠢᠳᠡᠭ ᠤᠯᠠᠮᠵᠢᠯᠠᠯᠲᠤ ᠰᠣᠶᠣᠯ ᠢ | ᠪᠠᠳᠠᠷᠠᠭᠤᠯᠬᠤ ᠶᠢᠨ ᠲᠥᠯᠥᠭᠡ ᠲᠡᠮᠡᠴᠡᠬᠦ ᠡᠷᠡᠰ ᠵᠣᠷᠢᠭ ᠢᠶᠠᠨ ᠢᠯᠡᠳᠬᠡᠪᠡ᠃ |