ᠦᠢᠷ᠎ᠡ ᠶᠢᠨ ᠡᠳᠥᠷ᠂ ᠤᠯᠠᠭᠠᠨᠬᠠᠭᠠᠯᠭ᠎ᠠ ᠰᠣᠮᠣᠨ ᠤ ᠤᠶᠠᠭᠠᠴᠢᠳ ᠬᠠᠮᠲᠤᠷᠠᠵᠤ ᠰᠢᠨ᠎ᠡ ᠣᠨ ᠢᠶᠠᠨ | ᠤᠭᠲᠤᠬᠤ ᠮᠣᠷᠢᠨ ᠤᠷᠤᠯᠳᠤᠭᠠᠨ ᠵᠣᠬᠢᠶᠠᠨ ᠪᠠᠶᠢᠭᠤᠯᠤᠨ ᠶᠠᠪᠤᠭᠳᠠᠭᠤᠯᠤᠯ᠎ᠠ᠃ | | ᠡᠬᠢᠯᠡᠯᠲᠡ ᠶᠢᠨ ᠶᠣᠰᠣᠯᠠᠯ ᠳᠡᠭᠡᠷ᠎ᠡ᠂ ᠤᠯᠠᠭᠠᠨᠮᠥ᠋ᠴᠢᠷ ᠤᠨ ᠲᠣᠭᠯᠠᠭᠴᠢᠳ ᠠᠴᠠ ᠤᠷᠠᠨ ᠰᠠᠶᠢᠬᠠᠨ ᠤ | ᠲᠣᠭᠯᠠᠯᠲᠠ ᠭᠠᠷᠭᠠᠵᠤ᠂ ᠠᠵᠢᠯᠯᠠᠭᠠᠨ ᠳᠤ ᠭᠦᠷ ᠪᠠᠶᠠᠷ ᠨᠠᠮᠠᠷᠢᠯᠡᠭᠰᠠᠨ ᠪᠦᠬᠡᠳ ᠬᠤᠷᠠᠭᠰᠠᠨ ᠤᠯᠠᠨ | ᠦᠵᠡᠭᠴᠢᠳ ᠲᠤ ᠪᠠᠷᠠᠭᠤᠨ ᠦᠵᠦᠮᠦᠴᠢᠨ ᠬᠤᠰᠢᠭᠤᠨ ᠤ ᠦᠨᠳᠦᠰᠦᠲᠡᠨ ᠨᠦᠭᠦᠳ ᠤᠨ ᠠᠷᠠᠳ ᠲᠦᠮᠡᠨ ᠤ | ᠮᠣᠩᠭᠤᠯ ᠮᠣᠷᠢᠨ ᠤ ᠵᠣᠷᠢᠭ ᠰᠠᠨᠠᠭ᠎ᠠ ᠶᠢ ᠪᠠᠳᠠᠷᠠᠭᠤᠯᠵᠤ᠂ ᠰᠢᠨ᠎ᠠ ᠴᠠᠭ ᠦᠶ᠎ᠠ ᠶᠢᠨ ᠵᠢᠷᠭᠠᠯᠳᠣ ᠠᠮᠢᠳᠣᠷᠠᠯ ᠢᠶᠠᠨ | ᠴᠤᠭᠴᠠᠯᠠᠬᠤ ᠪᠠᠷ ᠤᠷᠤᠭᠰᠢᠯᠠᠨ ᠲᠠᠮᠠᠴᠠᠵᠦ ᠪᠠᠶᠢᠭ᠎ᠠ ᠰᠢᠨ᠎ᠠ ᠬᠡᠪ ᠲᠦᠷᠭᠦ ᠶᠢ ᠬᠠᠷᠠᠭᠤᠯᠤᠭᠰᠠᠨ ᠪᠠᠶᠢᠨ᠎ᠠ᠃ | | ᠲᠤᠰ ᠤᠳᠠᠭᠠᠨ ᠤ ᠤᠷᠤᠯᠳᠣᠭᠠᠨ ᠨᠢ ᠴᠠᠭᠠᠨ ᠮᠣᠷᠢᠨ ᠤ ᠤᠷᠤᠯᠳᠤᠭᠠᠨ᠂ ᠮᠣᠩᠭᠤᠯ ᠮᠣᠷᠢᠨ ᠤ | ᠤᠷᠤᠯᠳᠤᠭᠠᠨ᠂ ᠡᠷᠯᠢᠰᠡ ᠮᠤᠷᠢᠨ ᠤ ᠤᠷᠤᠯᠳᠤᠭᠠᠨ᠂ ᠨᠢᠭᠡᠴᠡ ᠶᠢᠨ ᠤᠷᠤᠯᠳᠤᠭᠠᠨ ᠬᠡᠵᠦ ᠬᠤᠪᠢᠶᠠᠨ ᠶᠠᠪᠣᠭᠳᠠᠵᠣ᠂ | ᠪᠦᠬᠦ ᠬᠤᠰᠢᠭᠤᠨ ᠤ ᠡᠯ᠎ᠠ ᠰᠣᠮᠤ ᠪᠠᠯᠭᠠᠰᠣᠨ ᠤ ᠤᠶᠠᠭᠠᠴᠢᠳ ᠵᠢᠴᠢ ᠵᠠᠬᠦᠨ ᠦᠵᠦᠮᠦᠴᠢᠨ᠂ ᠵᠠᠬᠦᠨ ᠰᠦᠨᠢᠳ | ᠵᠡᠷᠬᠡ ᠬᠤᠰᠢᠭᠤ ᠰᠢᠶᠠᠨ ᠤ ᠤᠶᠠᠭᠠᠴᠢᠳ ᠴᠦ ᠤᠷᠤᠯᠴᠠᠵᠦ᠂ ᠠᠳᠣᠭᠤᠨ ᠰᠣᠶᠤᠯ ᠤᠨ ᠤᠬᠢ ᠰᠣᠳᠣ ᠶᠢ | ᠬᠤᠷᠠᠭᠰᠠᠨ ᠤᠯᠠᠨ ᠳᠠᠭᠠᠨ ᠮᠠᠳᠠᠷᠡᠬᠦᠯᠦᠭᠰᠠᠨ ᠪᠠᠶᠢᠨ᠎ᠠ ᠃ | | |