ᠰᠢᠷ᠎ᠠ ᠲᠣᠰᠣ ᠬᠢᠬᠦ ᠠᠷᠭ᠎ᠠ
ᠨᠡᠶᠢᠲᠡᠯᠡᠭᠰᠡᠨ ᠴᠠᠭ᠄
2024/8/28
      ᠰᠢᠷ᠎ᠠ ᠲᠣᠰᠣ ᠪᠣᠯ ᠴᠠᠭᠠᠨ ᠢᠳᠡᠬᠡᠨ ᠤ ᠣᠬᠢ᠂ ᠢᠳᠡᠬᠡᠨ ᠤ ᠳᠡᠭᠡᠵᠢ ᠪᠤᠯᠬᠤ ᠶᠤᠮ᠃ ᠰᠢᠷ᠎ᠠ ᠲᠣᠰᠣ ᠶᠢ ᠲᠠᠬᠢᠯᠭ᠎ᠠ  ᠲᠠᠶᠢᠯᠠᠯᠭ᠎ᠠ᠂ ᠡᠷᠭᠦᠴᠡ ᠪᠠᠷᠢᠴᠠ ᠶᠢᠨ ᠲᠦᠷᠦᠭᠦᠨ ᠳᠤ ᠬᠡᠷᠡᠭᠯᠡᠵᠦ᠂ ᠵᠤᠯᠠ ᠠᠰᠠᠭᠠᠬᠤ᠂ ᠭᠡᠷ ᠮᠢᠯᠢᠶᠠᠬᠤ ᠵᠡᠷᠭᠡ ᠪᠡᠯᠭᠡᠳᠡᠯ ᠳᠡᠮᠪᠡᠷᠢᠯ ᠤᠨ ᠠᠵᠢᠯᠯᠠᠭ᠎ᠠ ᠳᠤ ᠴᠥ ᠬᠡᠷᠡᠭᠯᠡᠳᠡᠭ᠃            ᠰᠢᠷ᠎ᠠ ᠲᠣᠰᠣ ᠶᠢ ᠵᠥᠭᠡᠬᠡᠢ ᠪᠠᠨ ᠪᠤᠴᠠᠯᠭᠠᠵᠤ ᠰᠢᠷᠭᠠᠭᠠᠳ ᠢᠯᠭᠠᠷᠠᠭᠤᠯᠵᠤ ᠠᠪᠳᠠᠬ᠃ ᠪᠠᠰᠠ ᠠᠶᠢᠷᠠᠭ ᠲᠤ ᠬᠢᠵᠦ  ᠠᠶᠢᠷᠠᠭ ᠢᠶᠠᠨ ᠪᠦᠯᠢᠵᠦ ᠲᠣᠰᠣ ᠤᠨᠠᠭᠠᠭᠠᠳ ᠠᠶᠢᠷᠠᠭ ᠤᠨ ᠲᠣᠰᠣ ᠪᠠᠨ ᠪᠤᠴᠠᠯᠭᠠᠵᠤ ᠰᠢᠷᠭᠠᠭᠠᠳ  ᠢᠯᠭᠠᠷᠠᠭᠤᠯᠳᠠᠭ᠃ ᠵᠢᠩᠬᠢᠨᠢ ᠰᠠᠶᠢᠨ ᠰᠢᠷ᠎ᠠ ᠲᠣᠰᠣ ᠪᠣᠯ ᠠᠯᠳᠡ ᠨᠢ ᠭᠤᠶᠣ᠂ ᠡᠬᠢ ᠰᠢᠷ᠎ᠠ ᠲᠣᠰᠣ ᠪᠣᠯ ᠰᠢᠮ᠎ᠡ ᠲᠡᠵᠢᠭᠡᠯ ᠢᠶᠠᠷ ᠥᠨᠳᠥᠷ ᠴᠠᠭᠠᠨ ᠢᠳᠡᠬᠡᠨ ᠪᠠᠶᠢᠵᠤ᠂ ᠴᠠᠢ ᠳᠤ ᠬᠢᠵᠦ ᠤᠤᠭᠤᠬᠤ᠂ ᠠᠮᠤᠰᠤ᠂ ᠲᠣᠬᠤᠯᠠᠢ ᠬᠢᠵᠦ ᠢᠳᠡᠬᠦ᠂ ᠰᠦ᠋ ᠲᠠᠢ ᠭᠤᠯᠢᠷ ᠬᠤᠭᠤᠯᠠᠨ ᠳᠠᠭᠠᠨ ᠰᠢᠷ᠎ᠠ ᠲᠣᠰᠣ ᠰᠠᠮᠤᠷᠬᠤ ᠵᠡᠷᠭᠡ ᠪᠠᠷ ᠠᠰᠢᠭᠯᠠᠳᠠᠭ᠃ ᠰᠢᠷ᠎ᠠ ᠲᠣᠰᠣ ᠨᠢ ᠰᠢᠮ᠎ᠡ ᠲᠡᠵᠢᠭᠡᠯ᠂ ᠲᠠᠮᠢᠷ ᠲᠡᠩᠬᠡᠭᠡ ᠨᠥᠬᠦᠬᠦ᠂ ᠮᠣᠩᠭᠤᠯ ᠲᠥᠪᠡᠳ ᠡᠮ ᠤᠨ ᠬᠥᠯᠥᠭ ᠪᠤᠯᠭᠠᠵᠥ ᠨᠠᠰᠤᠲᠠᠢ ᠬᠥᠮᠥᠨ ᠤ ᠠᠷᠬᠠᠭ ᠬᠠᠭᠤᠴᠢᠨ ᠢ ᠵᠠᠰᠠᠬᠤ ᠳᠤ ᠬᠡᠷᠡᠭᠯᠡᠳᠡᠭ ᠪᠣᠯᠬᠤᠷ ᠮᠣᠩᠭᠤᠯᠴᠤᠳ ᠠᠬᠠᠮᠠᠳ ᠨᠠᠰᠤᠲᠠᠨ ᠪᠤᠶᠤ ᠬᠦᠨᠳᠦᠲᠦ ᠵᠣᠴᠢᠨ ᠢᠶᠠᠨ ᠡᠷᠬᠢᠨ ᠲᠣᠭᠤᠨᠢᠭᠤᠯᠬᠤ ᠳᠠᠭᠠᠨ ᠰᠢᠷ᠎ᠠ ᠲᠣᠰᠣ ᠲᠥᠷᠥᠬᠦᠥ ᠲᠠᠢ ᠪᠡᠯᠡᠭ ᠬᠦᠷᠭᠡᠳᠡᠭ᠃    
 
ᠢᠷᠡᠯᠲᠡ᠄ ᠬᠤᠯᠪᠣᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号