ᠰᠢᠮᠡᠲᠤ ᠢᠳᠡᠭᠡᠨ ᠰᠢᠷ᠎ᠠ ᠲᠤᠰᠤ
ᠨᠡᠶᠢᠲᠡᠯᠡᠭᠰᠡᠨ ᠴᠠᠭ᠄
2024/8/28
      ᠰᠢᠷ᠎ᠠ ᠲᠤᠰᠤ ᠪᠤᠯ ᠬᠠᠯᠭᠤᠨ ᠪᠦᠯᠢᠶᠡᠨ ᠴᠢᠨᠠᠷᠲᠠᠢ᠂ ᠬᠡᠢ ᠶᠢ ᠲᠠᠷᠤᠵᠤ ᠲᠠᠮᠢᠷ ᠢ ᠰᠠᠶᠢᠵᠢᠷᠠᠭᠤᠯᠤᠨ᠂ ᠦᠩᠭᠡ ᠶᠢ ᠲᠡᠵᠢᠭᠡᠬᠦ᠂ ᠬᠦᠮᠤᠨ ᠤ ᠪᠡᠶ᠎ᠡ ᠶᠢᠨ ᠡᠷᠡᠬᠦᠯ ᠮᠡᠠᠳᠤ ᠳᠤ ᠤᠯᠠᠨ ᠬᠡᠷᠡᠭᠴᠡᠭᠡ ᠲᠠᠢ᠂ ᠡᠮᠳᠤ ᠴᠢᠨᠠᠷᠳᠠᠢ ᠡᠷᠬᠢᠮ ᠴᠢᠬᠤᠯᠠ ᠢᠳᠡᠬᠡᠨ ᠪᠤᠯᠤᠨ᠎ᠠ᠃ ︽ᠠᠯᠲᠠᠨ ᠬᠠᠳᠠᠮᠠᠯ︾ ᠳᠤ ᠴᠠᠭᠠᠨ ᠲᠤᠰᠤ ᠶᠢ ᠰᠢᠮ᠎ᠡ ᠶᠢᠨ ᠲᠤᠩᠭᠠᠯᠠᠭ ᠴᠭᠠᠠᠨ ᠲᠤᠰᠤ ᠰᠢᠮ᠎ᠡ ᠶᠢ ᠲᠦᠯᠦᠵᠢᠭᠦᠯᠦᠨ᠎ᠡ ᠭᠡᠵᠤ ᠪᠢᠴᠢᠵᠤ ᠪᠠᠶᠢᠳᠠᠭ᠃ ᠰᠢᠷ᠎ᠠ ᠲᠤᠰᠤ ᠥᠯᠥ ᠬᠠᠯᠳᠠᠭᠠᠬᠤ ᠰᠢᠰᠲ᠋ᠧᠮ ᠢ ᠰᠠᠶᠢᠵᠢᠷᠠᠭᠤᠯᠳᠠᠭ᠃ ᠰᠥᠰᠥᠨ ᠤ ᠭᠤᠨᠠᠨ ᠠᠯᠺᠣᠣᠯ ᠢ ᠪᠠᠭᠤᠷᠠᠭᠤᠯᠤᠨ᠎ᠠ᠃ ᠨᠢᠳᠤᠨ ᠤ ᠬᠠᠷᠠᠭ᠎ᠠ ᠶᠢ ᠰᠠᠶᠢᠵᠢᠷᠠᠭᠤᠯᠤᠨ᠎ᠠ᠃ ᠰᠢᠩᠭᠡᠭᠡᠯᠲᠡ ᠶᠢ ᠰᠠᠶᠢᠵᠢᠷᠠᠭᠤᠯᠬᠤ᠂ ᠬᠤᠭᠤᠯᠠ ᠪᠣᠯᠪᠠᠰᠤᠷᠠᠭᠤᠯᠤᠯᠲᠠ ᠳᠤ ᠲᠤᠰᠠᠲᠠᠢ᠃ ᠪᠡᠶ᠎ᠡ ᠶᠢ ᠲᠠᠮᠢᠷᠵᠢᠭᠤᠯᠬᠤ ᠪᠠ ᠰᠢᠮᠡᠵᠢᠬᠦᠯᠵᠦ᠂ ᠬᠡᠢ ᠮᠠᠬᠠᠪᠤᠳ ᠢ ᠲᠡᠭᠰᠢᠷᠡᠭᠦᠯᠬᠦ ᠪᠠ ᠲᠠᠪᠤᠨ ᠴᠤᠯᠤ ᠵᠢᠷᠭᠤᠭᠠᠨ ᠰᠠᠪᠠ ᠶᠢᠨ ᠬᠡᠢ ᠡᠪᠡᠳᠴᠢᠨ ᠢ ᠠᠷᠢᠯᠭᠠᠵᠦ᠂ ᠲᠡᠷᠢᠬᠢ ᠶᠢ ᠰᠠᠶᠢᠵᠢᠷᠠᠭᠤᠯᠳᠠᠭ᠃ ᠰᠢᠷ᠎ᠠ ᠲᠤᠰᠤ ᠶᠢ ᠢᠯᠪᠢᠬᠦ ᠵᠠᠰᠠᠯ ᠳᠤ ᠬᠡᠷᠡᠭᠯᠡᠵᠦ᠂ ᠡᠮᠡᠭᠳᠡᠢ ᠶᠢᠨ ᠰᠠᠪᠠᠨ ᠤ ᠬᠡᠢ᠂ ᠪᠦᠬᠡᠷ᠎ᠠ ᠨᠢᠷᠤᠭᠤᠨ ᠤ ᠬᠡᠢ᠂ ᠦᠶ᠎ᠡ ᠬᠡᠰᠢᠬᠦᠦ ᠶᠢᠨ ᠬᠡᠢ ᠪᠤᠶᠤ ᠭᠤᠤᠯ ᠤᠨ ᠬᠡᠢ᠂ ᠲᠤᠯᠤᠭᠠᠢ ᠶᠢᠨ ᠬᠡᠢ᠂ ᠤᠯᠤᠭᠠᠢ ᠶᠢᠨ ᠬᠡᠢ ᠶᠢ ᠵᠠᠰᠠᠳᠠᠭ᠃            ᠤᠨ ᠤᠳᠠᠭᠰᠠᠨ ᠰᠢᠷ᠎ᠠ ᠲᠤᠰᠤ ᠪᠠᠷ ᠦᠬᠡᠷ ᠢᠯᠢᠳᠤ ᠵᠡᠷᠬᠡ ᠠᠷᠠᠰᠤ ᠮᠢᠠᠬᠨ ᠤ ᠡᠯᠳᠡᠪ ᠤᠨ ᠡᠪᠡᠳᠴᠢᠨ ᠶᠠᠷ᠎ᠠ ᠰᠢᠷᠬ᠎ᠠ ᠶᠢ ᠡᠮᠨᠡᠨ ᠵᠠᠰᠠᠳᠠᠭ᠃ ᠰᠢᠷ᠎ᠠ ᠲᠤᠰᠤ ᠶᠢ ᠴᠠᠢ ᠲᠠᠢ ᠴᠢᠨᠠᠭᠠᠳ ᠬᠠᠯᠠᠭᠤᠨ ᠢᠶᠠᠷ ᠤᠤᠭᠤᠯᠭᠠᠵᠦ ᠬᠦᠯᠦᠰᠤ ᠭᠠᠷᠭᠠᠪᠠᠯ ᠰᠠᠯᠬᠢ ᠠᠪᠴᠦ ᠪᠠᠶ᠎ᠠ ᠬᠡᠮᠳᠤᠭ᠍ᠰᠠᠨ ᠪᠤᠶᠤ ᠰᠢᠩᠬᠡᠬᠡᠯᠳᠡ ᠮᠠᠭᠤᠳᠠᠭᠰᠠᠨ ᠢ ᠵᠠᠰᠠᠨ ᠠᠷᠢᠯᠭᠠᠳᠠᠭ᠃ ᠴᠠᠢ ᠬᠤᠭᠤᠯᠠᠨ ᠳᠤ ᠵᠠᠩᠬᠢᠷᠠᠭᠰᠠᠳ ᠲᠤ ᠰᠢᠷ᠎ᠠ ᠲᠤᠰᠤ ᠪᠠᠭ᠎ᠠ ᠤᠤᠭᠤᠯᠭᠠᠪᠠᠯ ᠵᠠᠩᠬᠢᠷᠠᠭ᠎ᠠ ᠲᠠᠶᠢᠯᠤᠭᠳᠠᠨ᠎ᠠ᠃ ᠨᠢᠯᠬ᠎ᠠ ᠬᠡᠤᠬᠡᠳ ᠤᠨ ᠵᠤᠯᠠᠢ ᠲᠡᠬᠡᠷ᠎ᠡ ᠦᠷᠬᠦᠯᠵᠢ ᠰᠢᠷ᠎ᠠ ᠲᠤᠰᠤ ᠲᠦᠷᠬᠢᠪᠡᠯ ᠬᠠᠭ ᠤᠨᠠᠬᠤ ᠳᠤ ᠰᠠᠶᠢᠨ ᠪᠦᠬᠡᠳ ᠬᠠᠮᠠᠷ ᠱᠤᠤᠬᠢᠨ ᠪᠦᠭᠯᠡᠷᠡᠬᠦ ᠶᠢ ᠵᠠᠰᠠᠳᠠᠭ᠃ ᠬᠡᠳᠡᠰᠤ ᠡᠪᠡᠳᠬᠦ᠂ ᠬᠡᠳᠡᠰᠤ ᠲᠦᠬᠦᠷᠬᠦ᠂ ᠪᠠᠭᠠᠰᠤ ᠬᠠᠳᠠᠬᠤ ᠳᠤ ᠰᠢᠷ᠎ᠠ ᠲᠤᠰᠤ ᠶᠢ ᠬᠠᠷ᠎ᠠ ᠠᠷᠢᠬᠢ ᠲᠠᠢ ᠡᠰᠡᠬᠦᠯ᠎ᠡ ᠬᠠᠷ᠎ᠠ ᠰᠢᠬᠢᠷ ᠲᠠᠢ ᠪᠤᠴᠠᠯᠭᠠᠵᠦ ᠤᠤᠭᠤᠪᠠᠯ ᠲᠤᠰᠠ ᠪᠤᠯᠳᠠᠭ᠃ ᠬᠠᠮᠡᠷ ᠶᠠᠮᠠᠰᠢᠭᠰᠠᠨ ᠳᠤ ᠰᠢᠷ᠎ᠠ ᠲᠤᠰᠤ ᠲᠦᠷᠬᠢᠪᠡᠯ ᠰᠠᠶᠢᠨ᠃ ᠰᠠᠯᠬᠢᠨ ᠳᠤ ᠤᠷᠤᠭᠤᠯ ᠦᠷᠦᠮᠳᠡᠨ ᠬᠠᠭᠠᠷᠠᠬᠤ ᠳᠤ ᠰᠢᠷ᠎ᠠ ᠲᠤᠰᠤ ᠲᠦᠷᠬᠢᠪᠡᠯ ᠢᠯᠡᠷᠢ ᠪᠤᠯᠳᠠᠭ᠃ ᠭᠠᠷ ᠬᠠᠭᠠᠷᠠᠵᠦ ᠲᠠᠰᠤᠷᠠᠬᠤ ᠳᠤ ᠰᠢᠷ᠎ᠠ ᠲᠤᠰᠤ ᠶᠢ ᠲᠦᠷᠬᠢᠬᠦ ᠪᠤᠶᠤ ᠬᠠᠯᠠᠭᠠᠵᠦ ᠲᠤᠰᠤᠭᠠᠪᠠᠯ ᠰᠠᠶᠢᠨ ᠪᠤᠯᠳᠠᠭ᠃ ᠰᠢᠷ᠎ᠠ ᠲᠤᠰᠤ ᠶᠢ ᠴᠠᠭᠠᠨ ᠰᠢᠬᠢᠷ ᠲᠠᠢ ᠪᠤᠴᠠᠯᠭᠠᠵᠦ ᠤᠤᠭᠤᠪᠠᠯ ᠬᠠᠨᠢᠶᠠᠳᠤ ᠶᠢ ᠵᠠᠰᠠᠳᠠᠭ᠃ ᠰᠢᠷ᠎ᠠ ᠲᠤᠰᠤ ᠶᠢ ᠬᠠᠯᠠᠭᠠᠭᠰᠠᠨ ᠰᠢᠷᠬᠠᠨ ᠳᠤ ᠲᠦᠷᠬᠢᠪᠠᠯ ᠰᠤᠷᠪᠢ ᠦᠯᠡᠳᠡᠬᠦ ᠦᠬᠡᠢ᠃ ᠬᠠᠮᠠᠷ ᠬᠠᠳᠠᠬᠤ ᠳᠤ ᠰᠢᠷ᠎ᠠ ᠲᠤᠰᠤ ᠶᠢ ᠬᠠᠮᠠᠷ ᠲᠠᠭᠠᠨ ᠦᠨᠦᠷᠲᠤᠭᠦᠯᠪᠡᠯ ᠰᠠᠶᠢᠨ ᠪᠤᠯᠳᠠᠭ᠃ ᠴᠢᠬᠢᠨ ᠬᠤᠯᠬᠢ ᠬᠠᠳᠠᠬᠤ ᠪᠤᠶᠤ ᠴᠢᠬᠢ ᠡᠪᠡᠳᠪᠡᠯ ᠰᠢᠷ᠎ᠠ ᠲᠤᠰᠤ ᠬᠢᠬᠦ ᠪᠤᠶᠤ ᠰᠢᠷ᠎ᠠ ᠲᠤᠰᠤ ᠲᠠᠢ ᠬᠦᠪᠤᠡᠭ ᠢᠶᠠᠷ ᠴᠢᠬᠢ ᠪᠠᠨ ᠪᠦᠭᠯᠡᠪᠡᠯ ᠲᠤᠰᠠ ᠪᠤᠯᠳᠠᠭ᠃ ᠡᠭᠦᠨ ᠠᠴᠠ ᠭᠠᠳᠠᠨ᠎ᠠ ᠭᠠᠳᠠᠷ ᠢᠯᠢᠵᠤ ᠨᠤᠬᠤᠯᠠᠬᠤ ᠳᠤ ᠬᠡᠷᠡᠭᠯᠡᠵᠤ᠂ ᠭᠠᠳᠠᠷ ᠪᠡᠶ᠎ᠠ ᠳᠤ ᠲᠦᠷᠬᠢᠪᠠᠯ ᠭᠠᠶᠢᠬᠠᠮᠰᠢᠠᠠᠳᠤ ᠣᠶᠢᠯᠠᠳᠤᠯ ᠲᠠᠢ ᠪᠠᠶᠢᠳᠠᠭ ᠶᠤᠮ᠃    
 
ᠢᠷᠡᠯᠲᠡ᠄ ᠬᠤᠯᠪᠤᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号