ᠶᠠᠭᠤᠨ ᠳᠤ ᠵᠠᠪᠠᠯ ᠨᠣᠮ ᠤᠩᠰᠢᠬᠤ ᠪᠤᠢ︖
ᠨᠡᠶᠢᠲᠡᠯᠡᠭᠰᠡᠨ ᠴᠠᠭ᠄
2024/8/26
   1. ᠠᠯᠬᠤᠵᠤ ᠬᠦᠷᠦᠭᠡ ᠦᠭᠡᠢ ᠭᠠᠵᠠᠷ ᠲᠤ ᠨᠣᠮ ᠢᠶᠠᠷ ᠬᠦᠷᠴᠦ ᠪᠤᠯᠳᠠᠭ᠃ ᠨᠢᠳᠦ ᠪᠠᠷ ᠬᠠᠷᠠᠭ᠎ᠠ ᠦᠭᠡᠢ ᠵᠦᠢᠯ ᠢ ᠨᠣᠮ ᠠᠴᠠ ᠤᠩᠰᠢᠵᠤ ᠮᠡᠳᠡᠳᠡᠭ᠃ ᠡᠶᠢᠮᠦ ᠠᠴᠠ ᠤᠩᠰᠢᠭᠰᠠᠨ ᠨᠣᠮ ᠪᠣᠯ ᠬᠦᠷᠦᠭᠰᠡᠨ ᠭᠠᠵᠠᠷ᠂ ᠬᠠᠷᠠᠭᠰᠠᠨ ᠳᠡᠯᠡᠬᠡᠢ᠃    2. ᠬᠡᠷᠪᠡ ᠲᠠ ᠨᠠᠰᠣᠨ ᠲᠤᠷᠰᠢ ᠰᠤᠷᠬᠤ ᠶᠢᠨ ᠬᠦᠰᠡᠯ ᠲᠠᠢ ᠪᠣᠯ ᠪᠣᠯᠣᠮᠵᠢ ᠪᠦᠬᠦᠨ ᠨᠡᠭᠡᠭᠡᠯᠲᠡᠲᠡᠢ ᠰᠢᠦ᠃ ᠰᠣᠨᠢᠭᠤᠴᠢ ᠵᠠᠩ ᠢᠶᠠᠨ ᠠᠯᠳᠠᠬᠤ ᠬᠤᠷᠣᠮ ᠳᠤ ᠯᠠ ᠬᠥᠮᠥᠨ ᠰᠠᠶ᠋ᠢ ᠵᠢᠩᠬᠢᠨᠢ ᠥᠲᠡᠯᠳᠡᠭ᠃    3. ᠤᠩᠰᠢᠭᠰᠠᠨ ᠨᠣᠮ ᠴᠢᠨᠢ ᠲᠠᠨ ᠢ ᠬᠠᠶᠢᠷᠠᠲᠠᠢ ᠬᠥᠮᠥᠰ ᠲᠠᠢ ᠪᠠᠨ ᠠᠮᠢᠳᠤᠷᠠᠯ ᠤᠨ ᠠᠷᠰᠠᠷ ᠵᠦᠢᠯ ᠠᠴᠠ   ᠪᠤᠰᠤᠳ ᠶᠠᠷᠢᠬᠤ ᠶᠠᠭᠤᠮ᠎ᠠ ᠲᠠᠢ ᠪᠣᠯᠭᠠᠳᠠᠭ᠃    4. ᠨᠠᠰᠣᠨ ᠲᠤᠷᠰᠢ ᠲᠠᠨ ᠠᠴᠠ ᠰᠠᠯᠬᠤ ᠦᠭᠡᠢ ᠵᠦᠢᠯ ᠭᠡᠵᠦ ᠪᠠᠶᠢᠳᠠᠭ᠃ ᠡᠭᠦᠨ ᠳᠤ ᠲᠠᠨ ᠤ ᠤᠩᠰᠢᠭᠰᠠᠨ ᠨᠣᠮ ᠶᠠᠭᠠᠬᠢᠯᠳᠠ ᠴᠦ ᠦᠭᠡᠢ ᠨᠢᠭᠡ ᠨᠢ ᠶᠤᠮ᠃    5. ᠶᠢᠷᠲᠢᠨᠴᠦ ᠲᠠᠢ ᠲᠠᠨᠢᠯᠴᠠᠵᠤ᠂ ᠥᠪᠡᠷ ᠢ ᠪᠠᠨ ᠮᠡᠳᠡᠷᠡᠨ᠂ ᠵᠦᠭ ᠴᠢᠭ ᠢᠶᠠᠨ ᠠᠯᠳᠠᠬᠤ ᠴᠠᠭ ᠲᠤ᠂  ᠲᠠ ᠨᠣᠮ ᠠᠴᠠ ᠡᠷᠴᠢ ᠬᠦᠴᠦ ᠣᠯᠣᠭᠠᠷᠠᠢ᠃    6. ᠨᠣᠮ ᠤᠨ ᠬᠠᠭᠤᠳᠠᠰᠤ ᠶᠢ ᠰᠡᠬᠦᠬᠦ   ᠳᠤ ᠨᠢᠳᠦ  ᠨᠡᠭᠡᠭᠡᠭᠳᠡᠵᠦ  ᠴᠣ ᠰᠢᠨ᠎ᠡ ᠶᠢᠷᠲᠢᠨᠴᠦ ᠬᠠᠷᠠᠭᠳᠠᠳᠠᠭ᠃ 7.  ᠣᠯᠠᠨ ᠨᠣᠮ  ᠤᠩᠰᠢᠬᠤ ᠨᠢ ᠲᠠᠨ ᠢ  ᠬᠠᠯᠠᠭᠤᠮᠰᠤᠭ᠂ ᠬᠥᠭᠵᠢᠯᠲᠡᠢ᠂ ᠦᠵᠡᠯ ᠪᠤᠳᠣᠯ ᠲᠠᠢ ᠬᠥᠮᠥᠨ ᠪᠣᠯᠭᠠᠳᠠᠭ᠃  
 
ᠢᠷᠡᠯᠲᠡ᠄ ᠰᠢᠯᠢ ᠶᠢᠨ ᠭᠤᠣᠯ ᠠᠶᠢᠮᠠᠭ ᠤᠨ ᠵᠠᠬᠢᠷᠭ᠎ᠠ ᠶᠢᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号