ᠢᠮᠠᠭ᠎ᠠ ᠰᠠᠮᠨᠠᠬᠤ ᠵᠠᠩ ᠦᠢᠯᠡ ᠵᠢᠴᠢ ᠲᠡᠭᠦᠨ ᠤ ᠠᠴᠢ ᠲᠤᠰᠠ
ᠨᠡᠶᠢᠲᠡᠯᠡᠭᠰᠡᠨ ᠴᠠᠭ᠄
2019-02-27
       ᠢᠮᠠᠭ᠎ᠠ ᠰᠠᠮᠨᠠᠬᠤ ᠵᠠᠩ ᠦᠢᠯᠡ ᠵᠢᠴᠢ ᠲᠡᠭᠦᠨ ᠤ ᠠᠴᠢ ᠲᠤᠰᠠ     ᠢᠮᠠᠭ᠎ᠠ ᠶᠢᠨ ᠨᠤᠯᠤᠤᠷ ᠪᠤᠯ ᠮᠠᠯᠴᠢᠨ ᠲᠦᠮᠡᠨ ᠤ ᠨᠢᠭᠡ ᠵᠢᠯ ᠤᠨ ᠬᠠᠮᠤᠭ ᠠᠩᠬᠠᠨ ᠤ ᠤᠷᠤᠯᠭ᠎ᠠ ᠶᠢᠨ ᠭᠡᠰᠡᠭ ᠪᠤᠯᠵᠦ᠂ ᠮᠠᠯᠴᠢᠳ ᠤᠨ ᠠᠮᠢᠳᠤᠷᠠᠯ ᠤᠨ ᠬᠡᠷᠡᠭᠴᠡᠭᠡ ᠶᠢ ᠨᠦᠬᠦᠨ ᠬᠠᠩᠭᠠᠬᠤ ᠡᠳ᠋ ᠤᠨ ᠬᠦᠴᠦᠨ ᠪᠤᠯᠳᠠᠭ ᠤᠴᠢᠷ ᠲᠠᠢ᠃ ᠲᠡᠤᠬᠡᠨ ᠠᠴᠠ ᠠᠪᠤᠭᠠᠳ ᠢᠮᠠᠭᠠᠨ ᠨᠤᠯᠤᠤᠷ ᠪᠤᠯ ᠪᠤᠷᠤᠯᠠᠭᠤᠯᠭ᠎ᠠ ᠰᠠᠶᠢᠳᠡᠢ ᠲᠠᠸᠠᠷ ᠤᠨ ᠴᠢᠬᠤᠯᠠ ᠮᠠᠲ᠋ᠧᠷᠢᠶᠠᠯ ᠪᠤᠯᠵᠦ ᠢᠷᠡᠭᠰᠡᠨ ᠶᠤᠮ᠃ ᠢᠮᠠᠭ᠎ᠠ ᠰᠠᠮᠨᠠᠬᠤ ᠪᠤᠯ ᠬᠠᠪᠤᠷ ᠵᠤᠨ ᠤ ᠭᠤᠤᠯ ᠠᠵᠢᠯ ᠪᠤᠯᠬᠤ ᠪᠦᠭᠡᠳ ᠴᠡᠪᠡᠷ ᠨᠤᠯᠤᠤᠷ ᠬᠤᠷᠢᠶᠠᠬᠤ ᠵᠠᠩᠬᠢᠯᠭ᠎ᠠ ᠶᠢᠨ ᠴᠠᠭ ᠦᠶ᠎ᠡ ᠪᠤᠯᠬᠤ ᠤᠴᠢᠷ ᠢᠮᠠᠭ᠎ᠠ ᠰᠠᠮᠨᠠᠬᠤ ᠵᠠᠩ ᠦᠢᠯᠡ ᠡᠷᠴᠢᠮᠳᠠᠢ ᠶᠠᠪᠤᠭᠳᠠᠳᠠᠭ᠃     ᠢᠮᠠᠭ᠎ᠠ ᠶᠢᠨ ᠨᠤᠯᠤᠤᠷ ᠢ ᠤᠯᠠᠩᠬᠢ ᠳᠠᠭᠠᠨ ᠬᠠᠪᠤᠷ ᠤᠨ ᠰᠡᠭᠦᠯ ᠰᠠᠷ᠎ᠠ ᠪᠠ ᠵᠤᠨ ᠤ ᠡᠬᠢᠨ ᠰᠠᠷ᠎ᠠ ᠶᠢᠨ ᠦᠶ᠎ᠡ ᠪᠠᠷ ᠬᠦᠭᠡᠷᠡᠵᠦ ᠤᠨᠠᠵᠦ ᠡᠬᠢᠯᠡᠬᠦ ᠳᠤ᠂ ᠰᠠᠮᠨᠠᠵᠦ ᠰᠠᠯᠭᠠᠬᠤ ᠠᠵᠢᠯ ᠢᠶᠠᠨ ᠡᠬᠢᠯᠡᠳᠡᠭ᠂ ᠵᠢᠯ ᠤᠨ ᠨᠢᠭᠡ ᠤᠳᠠᠭ᠎ᠠ ᠰᠠᠮᠨᠠᠳᠠᠭ᠂ ᠡᠨᠡ ᠦᠶ᠎ᠡ ᠮᠠᠯᠴᠢᠳ ᠰᠠᠮᠨᠠᠭᠤᠷ ︵ᠰᠠᠮᠨᠠᠭᠤᠷᠭ᠎ᠠ ᠴᠤ ᠭᠡᠳᠡᠭ︶ ᠬᠠᠶᠢᠴᠢ ᠪᠠᠨ ᠪᠡᠯᠡᠳᠦᠬᠦ᠂ ᠬᠦᠯᠢᠬᠦ ᠳᠡᠭᠡᠰᠦ ᠳᠠᠮᠤᠬᠤ᠂ ᠢᠮᠠᠭ᠎ᠠ ᠰᠠᠮᠨᠠᠬᠤ ᠡᠳᠦᠷ ᠲᠤᠭᠳᠠᠬᠤ᠂ ᠬᠠᠰᠢᠯᠭ᠎ᠠ ᠬᠢᠬᠦ᠂ ᠬᠦᠮᠦᠨ ᠬᠦᠴᠦᠨ ᠬᠡᠯᠡᠬᠦ᠂ ᠨᠤᠯᠤᠤᠷ ᠤᠨ ᠤᠭᠤᠳᠠ ᠰᠠᠪᠠ ᠬᠢᠬᠦ᠂ ᠳᠡᠪᠢᠰᠭᠡᠷ ᠢᠰᠡᠭᠡᠢ ᠭᠠᠷᠭᠠᠬᠤ᠂ ᠰᠠᠮᠨᠠᠬᠤ ᠭᠠᠵᠠᠷ ᠢᠶᠠᠨ ᠴᠡᠪᠡᠷᠯᠡᠬᠦ ᠵᠡᠷᠭᠡ ᠪᠡᠯᠡᠳᠭᠡᠯ ᠢ ᠬᠢᠳᠡᠭ᠂ ᠰᠠᠯᠬᠢᠨ ᠲᠠᠢ ᠡᠳᠦᠷ ᠪᠤᠯ ᠨᠦᠮᠦᠷᠢ ᠪᠠᠷᠢᠬᠤ ᠬᠡᠷᠡᠭᠳᠡᠢ ᠪᠠᠶᠢᠳᠠᠭ᠂ ᠢᠮᠠᠭ᠎ᠠ ᠶᠢᠨ ᠨᠤᠯᠤᠤᠷ ᠰᠠᠮᠨᠠᠬᠤ ᠶᠠᠪᠤᠳᠠᠯ ᠳᠤ ᠢᠮᠠᠭ᠎ᠠ ᠬᠠᠰᠢᠬᠤ᠂ ᠢᠰᠡᠬᠡᠢ ᠪᠠᠨ ᠳᠡᠪᠢᠰᠬᠦ᠂ ᠢᠮᠠᠭ᠎ᠠ ᠵᠦᠭᠡᠭᠡᠬᠦ᠂ ᠢᠮᠠᠭ᠎ᠠ ᠬᠦᠯᠢᠬᠦ᠂ ᠬᠢᠯᠭᠠᠰᠤ ᠶᠢ ᠨᠢ ᠬᠠᠶᠢᠴᠢᠯᠠᠬᠤ᠂ ᠰᠠᠮᠨᠠᠭᠤᠷ ᠢᠶᠠᠷ ᠰᠠᠮᠨᠠᠬᠤ᠂ ᠴᠢᠬᠢᠭᠯᠡᠵᠦ ᠰᠠᠯᠭᠠᠬᠤ᠂ ᠰᠠᠮᠨᠠᠭᠰᠠᠨ ᠬᠡᠪ ᠢᠶᠠᠷ ᠤᠷᠢᠶᠠᠨ ᠤᠭᠤᠳᠠᠯᠠᠬᠤ ᠵᠡᠷᠭᠡ ᠬᠢᠳᠡᠯ ᠤᠨ ᠳᠠᠷᠠᠭ᠎ᠠ ᠪᠠᠷ ᠶᠠᠪᠤᠭᠳᠠᠳᠠᠭ᠂ ᠮᠠᠯᠴᠢᠳ ᠢᠮᠠᠭ᠎ᠠ ᠰᠠᠮᠨᠠᠬᠤ ᠠᠵᠢᠯ ᠢ ᠠᠶᠢᠯ ᠰᠠᠭᠠᠬᠠᠯᠳᠠ ᠪᠠᠷ ᠢᠶᠠᠨ ᠬᠠᠮᠵᠢᠯᠴᠢᠨ ᠬᠢᠳᠡᠭ ᠵᠠᠩᠰᠢᠯ ᠲᠠᠢ᠂ ᠢᠮᠠᠭ᠎ᠠ ᠶᠢᠨ ᠨᠤᠤᠰᠤ ᠬᠦᠭᠡᠷᠡᠬᠦ ᠴᠠᠭ ᠦᠶ᠎ᠡ ᠠᠳᠠᠯᠢ ᠦᠭᠡᠢ ᠪᠠᠶᠢᠳᠠᠭ ᠢᠶᠠᠷ ᠤᠷᠢᠳᠠᠪᠡᠷ ᠡᠷ᠎ᠡ ᠰᠤᠪᠠᠢ ᠢᠮᠠᠭ᠎ᠠ ᠶᠢ ᠰᠠᠮᠨᠠᠵᠦ᠂ ᠳᠠᠷᠠᠭᠠᠪᠡᠷ ᠳᠠᠷᠭᠤ ᠰᠠᠶᠢᠳᠠᠢ ᠡᠮ᠎ᠡ ᠢᠮᠠᠭᠠᠳ ᠢ᠂ ᠰᠡᠭᠦᠯ ᠪᠠᠷ ᠨᠢ ᠬᠦᠭᠰᠢᠨ ᠪᠠᠭᠤᠷᠠᠢ ᠭᠡᠬᠦ ᠵᠡᠷᠭᠡ ᠭᠤᠷᠪᠠᠨ ᠪᠦᠯᠦᠭ ᠬᠤᠪᠢᠶᠠᠵᠦ᠂ ᠨᠤᠤᠰᠤ ᠨᠤᠯᠤᠤᠷ ᠢᠶᠠᠨ ᠴᠡᠪᠡᠷ ᠪᠦᠭᠡᠳ ᠭᠡᠭᠡᠭᠳᠡᠯ ᠦᠭᠡᠢ ᠰᠠᠶᠢᠬᠠᠨ ᠬᠤᠷᠢᠶᠠᠳᠠᠭ᠂ ᠢᠮᠠᠭ᠎ᠠ ᠬᠠᠰᠢᠬᠤ ᠳᠠᠭᠠᠨ ᠬᠦᠭᠡᠷᠡᠵᠦ ᠤᠨᠵᠠᠶᠢᠭᠰᠠᠨ ᠢ ᠨᠢ ᠢᠯᠭᠠᠨ ᠠᠪᠴᠢᠷᠠᠳᠠᠭ᠂ ᠨᠤᠯᠤᠤᠷ ᠰᠠᠮᠨᠠᠭᠴᠢᠳ ᠢᠮᠠᠭᠠᠨ ᠤ ᠪᠦᠬᠦ ᠪᠡᠶ᠎ᠡ ᠶᠢᠨ ᠨᠤᠤᠰᠤ ᠶᠢ ᠦᠯᠡᠳᠡᠭᠳᠡᠯ ᠦᠭᠡᠢ ᠰᠠᠮᠨᠠᠬᠤ ᠶᠢ ᠠᠩᠬᠠᠷᠴᠤ᠂ ᠰᠠᠮᠨᠠᠭᠤᠷ ᠤᠨ ᠦᠵᠦᠭᠦᠷ ᠢᠶᠠᠷ ᠢᠮᠠᠭᠠᠨ ᠤ ᠠᠷᠠᠰᠤ ᠬᠦᠷᠦᠰᠦ ᠶᠢ ᠭᠡᠮᠳᠦᠭᠡᠬᠦ ᠶᠢ ᠲᠤᠩ ᠬᠢᠴᠢᠶᠡᠳᠡᠭ ᠶᠤᠮ᠃ ᠰᠠᠮᠨᠠᠭᠤᠷ ᠬᠠᠶᠢᠴᠢ ᠬᠦᠯᠢᠶ᠎ᠡ ᠪᠡᠯᠡᠳᠬᠦ — ᠰᠠᠮᠨᠠᠭᠤᠷ ᠪᠤᠯ ᠢᠮᠠᠭᠠᠨ ᠤ ᠨᠤᠯᠤᠤᠷ ᠢ ᠬᠤᠷᠢᠶᠠᠵᠦ ᠠᠪᠬᠤ ᠤᠯᠠᠨ ᠰᠢᠳᠦ ᠲᠠᠢ ᠤᠷᠳᠤ ᠪᠤᠯᠤᠳ ᠤᠳᠠᠰᠤ ᠪᠠᠷ ᠮᠠᠳᠠᠭᠠᠵᠦ ᠬᠢᠭᠰᠡᠨ ᠬᠡᠷᠡᠭᠯᠡᠭᠦᠷ ᠡᠳ᠋ ᠪᠤᠯᠤᠨ᠎ᠠ᠃ ᠢᠮᠠᠭ᠎ᠠ ᠰᠠᠮᠨᠠᠬᠤ ᠳᠤ ᠯᠠ ᠬᠡᠷᠡᠭᠯᠡᠳᠡᠭ ᠪᠠᠭᠠᠵᠢ᠂ ᠬᠠᠶᠢᠴᠢ ᠪᠤᠯ ᠢᠮᠠᠭᠠᠨ ᠤ ᠤᠷᠳᠤ ᠬᠢᠯᠭᠠᠰᠤ ᠶᠢ ᠬᠢᠷᠭᠠᠵᠦ ᠠᠪᠬᠤ ᠡᠳ᠋ᠯᠡᠯ᠃ ᠬᠦᠯᠢᠶ᠎ᠡ ᠪᠤᠯ ᠰᠠᠮᠨᠠᠬᠤ ᠢᠮᠠᠭ᠎ᠠ ᠶᠢᠨ ᠬᠦᠯ ᠢ ᠤᠶᠠᠵᠦ ᠲᠤᠷᠭᠤᠭᠠᠬᠤ ᠲᠡᠭᠡᠰᠦ ᠪᠤᠯᠤᠨ᠎ᠠ      ᠢᠮᠠᠭ᠎ᠠ ᠰᠠᠮᠨᠠᠬᠤ ᠡᠳᠦᠷ ᠭᠠᠷᠭᠠᠬᠤ ᠪᠠ ᠬᠦᠴᠦᠨ ᠬᠡᠯᠡᠬᠦ — ᠤᠯᠠᠨ ᠲᠤᠭᠠᠨ ᠤ ᠢᠮᠠᠭ᠎ᠠ ᠲᠠᠢ ᠠᠶᠢᠯ ᠡᠷᠦᠬᠡ᠂ ᠬᠦᠮᠦᠨ ᠬᠦᠴᠦᠨ ᠬᠦᠷᠦᠯᠴᠡᠬᠦ ᠦᠭᠡᠢ ᠠᠴᠠ ᠰᠠᠮᠨᠠᠵᠦ ᠬᠤᠷᠢᠶᠠᠵᠦ ᠵᠠᠪᠳᠤᠬᠤ ᠦᠭᠡᠢ ᠪᠠᠷ ᠭᠡᠭᠡᠵᠦ ᠦᠷᠡᠬᠦ ᠶᠠᠪᠤᠳᠠᠯ ᠵᠦᠩᠳᠡᠭᠡᠨ ᠭᠠᠷᠳᠠᠭ᠂ ᠡᠶᠢᠮᠦ ᠠᠴᠠ ᠤᠶᠢᠷᠠᠯᠴᠠᠭ᠎ᠠ ᠠᠶᠢᠯ ᠳᠠᠭᠠᠨ ᠭᠡᠯᠡᠵᠦ ᠬᠠᠪᠰᠤᠷᠠᠭᠤᠯᠳᠠᠭ ᠪᠠᠷ ᠵᠦᠪᠳᠡᠯᠴᠡᠨ ᠡᠳᠦᠷ ᠲᠤᠭᠳᠠᠨ ᠢᠮᠠᠭ᠎ᠠ ᠪᠠᠨ ᠰᠠᠮᠨᠠᠵᠦ ᠨᠤᠯᠤᠤᠷ ᠤᠨ ᠬᠤᠷᠢᠶᠠᠯᠳᠠ ᠶᠢ ᠤᠯᠳᠠᠭ ᠶᠤᠮ᠃ ᠬᠠᠷᠢᠯᠴᠠᠨ ᠲᠤᠰᠠᠯᠠᠯᠴᠠᠬᠤ ᠪᠠ ᠬᠠᠷᠢᠯᠴᠠᠨ ᠬᠠᠪᠰᠤᠷᠤᠯᠴᠠᠬᠤ ᠪᠤᠯ ᠬᠦᠳᠡᠭᠡ ᠶᠢᠨ ᠮᠠᠯᠴᠢᠨ ᠠᠷᠠᠳ ᠤᠨ ᠰᠠᠶᠢᠬᠠᠨ ᠵᠠᠩᠰᠢᠯ ᠶᠤᠮ ᠃ ᠢᠮᠠᠭ᠎ᠠ ᠰᠠᠮᠨᠠᠬᠤ — ᠢᠮᠠᠭ᠎ᠠ ᠰᠠᠮᠨᠠᠬᠤ ᠳᠤ ᠢᠮᠠᠭᠠᠨ ᠤ ᠨᠤᠯᠤᠤᠷ ᠢ ᠴᠡᠪᠡᠷ ᠠᠪᠬᠤ ᠶᠢᠨ ᠲᠤᠯᠠᠳᠠ ᠭᠠᠵᠠᠷ ᠢᠶᠠᠨ ᠴᠡᠪᠡᠷᠯᠡᠨ ᠬᠤᠭ ᠨᠤᠪᠰᠢ ᠶᠢ ᠨᠢ ᠠᠷᠢᠯᠭᠠᠵᠦ ᠲᠠᠪᠢᠰᠭᠡᠷ ᠲᠠᠯᠪᠢᠨ᠎ᠠ᠃ ᠨᠤᠤᠷᠠᠭᠰᠠᠨ ᠢᠮᠠᠭ᠎ᠠ ᠪᠠᠨ ᠲᠡᠪᠢᠰᠭᠡᠷ ᠲᠡᠭᠡᠷ᠎ᠡ ᠪᠠᠨ ᠤᠶᠢᠴᠢᠭᠤᠯᠵᠦ ᠲᠦᠷᠪᠡᠨ ᠮᠦᠴᠢ ᠶᠢ ᠨᠢ ︽ᠬᠦᠯᠢᠶᠡᠨ ᠲᠡᠭᠡᠰᠦ︾ ᠪᠠᠷ ᠢᠶᠠᠨ ᠰᠠᠶᠢᠳᠦᠷ ᠬᠦᠯᠢᠵᠦ ᠲᠠᠯᠪᠢᠨ᠎ᠠ᠃ ᠢᠩᠭᠢᠮᠡᠨᠵᠢᠨ ᠰᠠᠶ᠋ᠢ ᠰᠠᠮᠨᠠᠵᠦ ᠡᠬᠢᠯᠡᠨ᠎ᠡ᠃ ᠰᠠᠮᠨᠠᠭᠤᠷᠭ᠎ᠠ ᠲᠦᠭᠦᠷᠬᠦ ᠪᠦᠷᠢ ᠰᠠᠮᠨᠠᠭᠰᠠᠨ ᠨᠤᠯᠤᠤᠷ ᠢᠶᠠᠨ ᠰᠠᠯᠭᠠᠵᠦ ᠶᠡᠭᠦᠯᠡᠨ᠎ᠡ᠂ ᠶᠡᠭᠦᠯᠡᠬᠦ ᠲᠡᠭᠡᠨ ᠤᠷᠢᠳᠠᠪᠠᠷ ᠰᠠᠮᠨᠠᠬᠤ ᠪᠠᠨᠽᠠᠨ ᠲᠡᠭᠡᠷ᠎ᠡ ᠪᠠᠨ ᠤᠰᠤ ᠰᠦᠷᠴᠢᠵᠦ ᠴᠢᠬᠢᠭᠯᠡᠭᠰᠡᠨ ᠢᠶᠠᠨ ᠦᠷᠦᠵᠦ ᠨᠡᠶᠢᠰᠢᠭᠦᠯᠦᠭᠡᠳ ᠲᠦᠯᠭᠢᠵᠦ ᠭᠠᠷᠭᠠᠭᠰᠠᠨ ᠢᠶᠠᠨ ᠨᠤᠯᠤᠤᠷ ᠢᠶᠠᠨ ᠤᠷᠢᠶᠠᠵᠦ ᠤᠭᠤᠳᠠᠨ ᠳᠤ ᠬᠢᠵᠦ ᠲᠠᠯᠪᠢᠳᠠᠭ᠃ ᠢᠩᠭᠢᠬᠦ ᠨᠢ ᠨᠤᠯᠤᠤᠷ ᠤᠨ ᠪᠤᠳᠠᠷᠠᠵᠦ ᠬᠡᠶᠢᠰᠬᠦ ᠶᠢ ᠰᠡᠷᠭᠡᠶᠢᠯᠡᠬᠦ ᠪᠠ ᠨᠤᠯᠤᠤᠷ ᠤᠨ ᠴᠢᠨᠠᠷ ᠢ ᠪᠠᠳᠤᠯᠠᠳᠠᠭ ᠪᠠᠶᠢᠨ᠎ᠠ᠃ ᠭᠠᠷᠤᠯᠳᠠ ᠶᠢᠨ ᠬᠡᠮᠵᠢᠶ᠎ᠡ — ᠬᠡᠮᠵᠢᠨ ᠪᠠᠶᠢᠴᠠᠭᠠᠯᠳᠠ ᠶᠢ ᠦᠨᠳᠦᠰᠦᠯᠡᠪᠡᠯ᠂ ᠤᠬᠤᠨ᠎ᠠ ᠨᠢᠭᠡᠪᠦᠷᠢ ᠠᠴᠠ 553,93 ᠭᠷᠠᠮ᠂ ᠡᠮ᠎ᠡ ᠢᠮᠠᠭ᠎ᠠ ᠨᠢᠭᠡᠪᠦᠷᠢ ᠠᠴᠠ 455,46 ᠭᠷᠠᠮ ᠨᠤᠯᠤᠤᠷ ᠬᠤᠷᠢᠶᠠᠳᠠᠭ ᠪᠠᠶᠢᠨ᠎ᠠ᠃ ᠡᠨᠡ ᠪᠤᠯ ᠦᠵᠦᠮᠦᠴᠢᠨ ᠴᠠᠭᠠᠨ ᠢᠮᠠᠭᠠᠨ ᠤ ᠨᠤᠯᠤᠤᠷ ᠤᠨ ᠲᠤᠮᠳᠠᠴᠢ ᠭᠠᠷᠴᠠ ᠪᠤᠯᠤᠨ᠎ᠠ᠃ ᠰᠠᠮᠨᠠᠭᠰᠠᠨ ᠢᠮᠠᠭ᠎ᠠ ᠪᠠᠨ ᠬᠠᠷᠠᠭᠠᠯᠵᠠᠬᠤ — ᠰᠠᠮᠨᠠᠭᠰᠠᠨ ᠤ ᠳᠠᠷᠠᠭ᠎ᠠ ᠪᠠᠷ ᠠᠭᠤᠷ ᠠᠮᠢᠰᠬᠤᠯ ᠤᠨ ᠬᠤᠪᠢᠷᠠᠯᠳᠠ ᠶᠢ ᠠᠵᠢᠭᠯᠠᠵᠦ᠂ ᠬᠦᠢᠳᠡᠨ ᠰᠠᠯᠬᠢ ᠪᠤᠶᠤ ᠪᠤᠷᠤᠭᠠᠨ ᠤᠷᠤᠪᠠᠯ ᠢᠮᠠᠭᠠᠳ ᠢᠶᠠᠨ ᠭᠡᠷ ᠤᠨ ᠤᠶᠢᠷᠠᠯᠴᠠᠭ᠎ᠠ ᠪᠡᠯᠴᠢᠭᠡᠷ ᠲᠤ ᠬᠠᠷᠢᠭᠤᠯᠵᠦ᠂ ᠬᠤᠳᠠᠯᠠᠬᠤ ᠳᠤ ᠲᠦᠭᠦᠮ ᠪᠠᠶᠢᠯᠭᠠᠨ᠂ ᠬᠡᠷᠪᠡ ᠪᠡᠭᠡᠷᠡᠵᠦ ᠡᠯᠡᠭᠳᠡᠬᠦ ᠪᠠᠶᠢᠳᠠᠯ ᠲᠠᠢ ᠪᠤᠯ ᠳᠠᠷᠦ᠋ᠢᠬᠠᠨ ᠨᠦᠮᠦᠷᠢ ᠭᠠᠵᠠᠷ ᠠᠪᠴᠢᠷᠠᠬᠤ ᠪᠤᠶᠤ ᠳᠤᠯᠠᠭᠠᠨ ᠬᠤᠷᠤᠭ᠎ᠠ ᠳᠤ ᠬᠢᠳᠡᠭ᠂ ᠨᠢᠭᠡᠨᠳᠡ ᠬᠡᠭᠡᠷ᠎ᠡ ᠡᠯᠡᠭᠳᠡᠭᠰᠡᠨ ᠪᠤᠯ ᠬᠠᠭᠤᠷᠠᠢ ᠡᠯᠡᠰᠦ ᠰᠢᠷᠤᠢ ᠪᠠᠷ ᠨᠦᠬᠡ ᠮᠠᠯᠳᠠᠵᠦ ᠳᠠᠷᠤᠵᠦ ᠳᠠᠯᠪᠢᠳᠠᠭ᠂ ᠢᠩᠭᠢᠪᠡᠯ ᠪᠡᠭᠡᠷᠡᠬᠦ ᠨᠢ ᠳᠠᠶᠢᠯᠤᠭᠳᠠᠳᠠᠭ ᠶᠤᠮ᠃ ᠨᠤᠯᠤᠤᠷ ᠤᠨ ᠠᠰᠢᠭ ᠲᠤᠰᠠ — ᠨᠤᠤᠰᠤ ᠨᠤᠯᠤᠤᠷ ᠢ ᠤᠳᠠᠰᠤ ᠡᠭᠡᠷᠡᠵᠦ ᠰᠢᠷᠳᠡᠭ ᠤᠭᠤᠳᠠ ᠰᠢᠷᠢᠬᠦ᠂ ᠬᠤᠮ ᠨᠡᠬᠡᠬᠦ᠂ ᠡᠪᠡᠭᠡᠴᠢ ᠳᠠᠳᠠᠯᠭ᠎ᠠ ᠳᠠᠮᠤᠬᠤ ᠵᠡᠷᠭᠡ ᠳᠤ ᠬᠡᠷᠡᠭᠯᠡᠳᠡᠭ ᠪᠠᠶᠢᠭᠰᠠᠨ ᠪᠦᠭᠡᠳ ᠬᠠᠳᠠᠭᠠᠯᠠᠬᠤ ᠪᠠᠨ ᠰᠡᠭᠦᠳᠡᠷ ᠲᠤ ᠬᠠᠳᠠᠭᠠᠨ᠂ ᠨᠠᠷᠠ ᠪᠤᠷᠤᠭ᠋ᠨ ᠠᠴᠠ ᠰᠡᠷᠭᠡᠶᠢᠯᠡᠵᠦ ᠠᠪᠳᠠᠷ᠎ᠠ ᠪᠤᠶᠤ ᠤᠭᠤᠳᠠᠨ ᠳᠤ ᠤᠭᠤᠳᠠᠯᠠᠨ ᠬᠢᠵᠦ ᠳᠠᠯᠪᠢᠨ᠎ᠡ᠂ ᠦᠩᠭᠡᠷᠡᠭᠰᠡᠨ ᠳᠤ ᠤᠯᠠᠩᠬᠢ ᠳᠠᠭᠠᠨ ᠲᠤᠳᠤᠷ᠎ᠠ ᠭᠠᠵᠠᠷ ᠤᠨ ᠠᠷᠠᠯᠵᠢᠶᠠᠴᠦᠳ ᠲᠤ ᠬᠤᠳᠠᠯᠳᠤᠨ ᠦᠭᠴᠤ ᠠᠮᠢᠳᠤᠷᠠᠯ ᠤᠨ ᠢᠶᠠᠨ ᠬᠡᠷᠡᠭᠯᠡᠭᠡᠨ ᠤ ᠪᠤᠳᠠᠰ ᠢ ᠰᠤᠯᠢᠵᠦ ᠠᠪᠳᠠᠭ ᠪᠠᠶᠢᠵᠠᠢ᠃        ᠬᠤᠨᠢᠨ ᠤ ᠨᠤᠤᠰᠤ᠂ ᠬᠤᠷᠠᠭᠠᠨ ᠤᠩᠭᠠᠰᠤ᠂ ᠢᠮᠠᠭᠠᠨ ᠨᠤᠯᠤᠤᠷ ᠵᠡᠷᠭᠡ ᠭᠠᠷᠤᠯᠳᠠ ᠶᠢ ᠮᠠᠯᠴᠢᠳ ᠢᠰᠡᠭᠡᠢ ᠬᠢᠬᠦ ᠭᠡᠰᠡᠭ ᠢᠶᠠᠨ ᠠᠪᠴᠤ ᠬᠤᠴᠤᠷᠤᠭᠠᠳ ᠬᠡᠷᠡᠭᠴᠡᠭᠡᠨ ᠳᠤ ᠤᠷᠤᠭᠤᠯᠳᠠᠭ ᠪᠤᠯᠪᠠᠴᠤ ᠪᠤᠰᠤᠳ ᠦᠯᠡᠳᠡᠭᠰᠡᠨ ᠭᠡᠰᠡᠭ ᠢ ᠤᠯᠠᠩᠬᠢ ᠳᠠᠭᠠᠨ ᠬᠤᠳᠠᠯᠳᠤᠨ ᠪᠤᠷᠤᠯᠠᠭᠤᠯᠳᠠᠭ ᠶᠤᠮ᠃ ᠮᠠᠯ ᠪᠠ ᠮᠠᠯ ᠤᠨ ᠠᠰᠢᠭ ᠰᠢᠮ᠎ᠡ ᠶᠢᠨ ᠭᠠᠷᠤᠯᠳᠠ ᠨᠢ ᠮᠠᠯᠴᠢᠳ ᠤᠨ ᠠᠮᠢᠳᠤᠷᠠᠯ ᠦᠢᠯᠡᠳᠪᠦᠷᠢᠯᠡᠯ ᠤᠨ ᠵᠢᠯ ᠤᠨ ᠪᠦᠬᠦ ᠤᠷᠤᠯᠭ᠎ᠠ ᠶᠢᠨ ᠭᠡᠰᠡᠭ ᠪᠤᠯᠬᠤ ᠪᠦᠭᠡᠳ ᠠᠮᠢᠳᠤᠷᠠᠯ ᠤᠨ ᠪᠦᠬᠦ᠋ᠢᠯᠡ ᠬᠡᠷᠡᠭᠴᠡᠭᠡᠨ ᠤ ᠭᠦᠢᠯᠭᠡᠭᠡᠨ ᠤ ᠲᠠᠸᠠᠷ ᠪᠤᠯᠬᠤ ᠪᠦᠭᠡᠳ ᠲᠠᠬᠢᠨ ᠦᠢᠯᠡᠳᠪᠦᠷᠢᠯᠡᠯ ᠤᠨ ᠭᠡᠰᠡᠭ ᠤᠨ ᠨᠦᠬᠦᠪᠦᠷᠢ ᠪᠤᠯᠳᠠᠭ ᠶᠤᠮ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号