8 ᠰᠠᠷ᠎ᠠ ᠶᠢᠨ 15 — 17 ᠤ ᠡᠳᠦᠷ᠂ ᠬᠤᠶᠠᠳᠤᠭᠠᠷ ᠬᠤᠭᠤᠴᠠᠭᠠᠨ ᠤ ︽ᠯᠾᠨᠰᠦ᠋ᠷᠦᠩ︾ ᠬᠤᠨᠳᠠᠭᠠᠳᠣ | ᠬᠥᠮᠥᠨ ᠲᠥᠷᠥᠯᠬᠢᠲᠡᠨ ᠤ ᠪᠣᠳᠠᠰ ᠤᠨ ᠪᠤᠰᠤ ᠰᠣᠶᠣᠯ ᠤᠨ ᠥᠪ ᠤᠨ ᠲᠥᠯᠥᠭᠡᠯᠡᠭᠴᠢ ᠪᠦᠲᠦᠭᠡᠯ ᠮᠣᠩᠭᠤᠯ ᠠᠷᠡᠳ | ᠤᠨ ᠤᠷᠲᠤ ᠶᠢᠨ ᠳᠠᠭᠤᠤ ᠶᠢᠨ ᠨᠠᠭᠠᠳᠤᠮ ᠤᠨ ᠲᠤᠮᠳᠠᠳᠣ ᠮᠤᠩᠭᠤᠯ ᠤᠨ ᠦᠵᠡᠭᠦᠯᠦᠯᠭᠡ ᠶᠢᠨ ᠲᠣᠭᠯᠠᠯᠲᠠ ᠶᠢᠨ | ᠤᠷᠤᠯᠳᠤᠭᠠᠨ ᠬᠢᠩᠭᠠᠨ ᠠᠶᠢᠮᠠᠭ ᠤᠨ ᠬᠤᠷᠴᠢᠨ ᠪᠠᠷᠠᠭᠤᠨ ᠭᠠᠷᠤᠨ ᠡᠮᠦᠨᠡᠲᠦ ᠬᠤᠰᠢᠭᠤᠨ ᠳᠤ ᠶᠠᠪᠤᠭᠳᠠᠵᠦ ᠂ | ᠳᠤᠮᠳᠠᠳᠤ᠂ ᠮᠣᠩᠭᠤᠯ ᠬᠤᠶᠠᠷ ᠤᠯᠤᠰ ᠤᠨ 80 ᠲᠠᠭᠤᠴᠢᠨ ᠤᠷᠤᠯᠴᠠᠪᠠ᠃ | ᠣᠶᠢᠯᠠᠭᠠᠭᠰᠠᠨ ᠢᠶᠠᠷ᠂ ᠲᠣᠰ ᠬᠤᠭᠤᠴᠠᠭᠠᠨ ᠤ ᠤᠷᠲᠤ ᠶᠢᠨ ᠳᠠᠭᠤᠤ ᠶᠢᠨ ᠨᠠᠭᠠᠳᠤᠮ ᠤᠨ ᠦᠵᠡᠭᠦᠯᠦᠯᠭᠡ ᠶᠢᠨ | ᠲᠣᠭᠯᠠᠯᠲᠠ ᠶᠢᠨ ᠤᠷᠤᠯᠳᠤᠭᠠᠨ ᠢ ᠠᠩᠬᠠᠨ ᠤ ᠤᠷᠤᠯᠳᠤᠭᠠᠨ᠂ ᠬᠤᠶᠠᠳᠠᠭᠢ ᠤᠷᠤᠯᠳᠤᠭᠠᠨ᠂ ᠰᠢᠢᠳᠪᠦᠷᠢᠲᠦ | ᠤᠷᠤᠯᠳᠤᠭᠠᠨ ᠵᠡᠷᠭᠡ ᠭᠤᠷᠪᠠᠨ ᠡᠭᠡᠯᠵᠢ ᠳᠤ ᠬᠤᠪᠢᠶᠠᠵᠤ᠂ ᠲᠤᠰᠬᠠᠢ ᠮᠡᠷᠭᠡᠵᠢᠯ ᠤᠨ ᠳᠤᠭᠤᠶᠢᠯᠠᠩ᠂ ᠲᠤᠰᠬᠠᠢ | ᠮᠡᠷᠭᠡᠵᠢᠯ ᠤᠨ ᠪᠤᠰᠤ ᠳᠤᠭᠤᠶᠢᠯᠠᠩ᠂ ᠪᠦᠯᠬᠦᠮ ᠤᠨ ᠳᠤᠭᠤᠶᠢᠯᠠᠩ ᠪᠠ ᠪᠠᠭᠠᠴᠤᠳ ᠬᠡᠦᠬᠡᠳ ᠤᠨ ᠳᠤᠭᠤᠶᠢᠯᠠᠩ ᠭᠡᠵᠦ | 4 ᠲᠤᠭᠤᠶᠢᠯᠠᠩ ᠬᠤᠪᠢᠶᠠᠵᠤ᠂ ᠰᠦᠯᠵᠢᠶᠡᠨ ᠳᠡᠭᠡᠷ᠎ᠡ ᠪᠠ ᠰᠦᠯᠵᠢᠶᠡᠨ ᠭᠠᠳᠠᠨᠠᠬᠢ ᠶᠢ ᠤᠶᠠᠯᠳᠤᠭᠤᠯᠬᠤ ᠬᠡᠯᠪᠡᠷᠢ ᠪᠠᠷ | ᠶᠠᠪᠤᠭᠳᠠᠭᠰᠠᠨ ᠪᠠᠶᠢᠨ᠎ᠠ᠃ ᠲᠤᠰᠬᠠᠢ ᠮᠠᠷᠬᠡᠵᠢᠯ ᠤᠨ ᠪᠤᠰᠣ ᠲᠤᠭᠤᠶᠢᠯᠠᠩ ᠳᠤ ᠮᠠᠨ ᠤ ᠬᠤᠰᠢᠭᠤᠨ ᠤ ᠲᠠᠭᠤᠴᠢᠨ | ᠠᠶᠤᠷᠰᠠᠨᠠᠭᠠ ᠲᠠᠷᠢᠬᠦᠯᠠᠨ᠂ ᠪᠦᠬᠡᠪᠠᠶᠠᠷ ᠭᠤᠷᠪᠠᠳᠣᠭᠠᠷ ᠨᠠᠷᠠ ᠳᠤ ᠤᠷᠤᠵᠦ᠂ ᠪᠠᠷᠠᠭᠤᠨ ᠦᠵᠦᠮᠦᠴᠢᠨ ᠬᠤᠰᠢᠭᠤᠨ | ᠤ ᠪᠠᠨ ᠤᠷᠳᠣ ᠶᠢᠨ ᠲᠠᠭᠤᠤ ᠪᠠᠨ ᠦᠪᠯᠠᠨ ᠬᠠᠮᠠᠭᠠᠯᠠᠭᠰᠠᠨ ᠠᠵᠢᠯ ᠤᠨ ᠦᠷ᠎ᠠ ᠪᠦᠳᠦᠬᠡᠯ ᠵᠢᠴᠢ ᠠᠮᠵᠢᠯᠳᠠ ᠶᠢ | ᠲᠤᠮᠳᠠᠳᠣ ᠮᠤᠩᠭᠤᠯ ᠬᠤᠶᠠᠷ ᠣᠯᠣᠰ ᠤᠨ ᠦᠵᠡᠭᠴᠢᠳ ᠤᠯᠠᠨ ᠳᠤ ᠰᠣᠨᠢᠷᠬᠠᠭᠤᠯᠤᠭᠰᠠᠨ ᠪᠠᠶᠢᠨ᠎ᠠ᠃ | ᠪᠠᠷᠠᠭᠤᠨ ᠦᠵᠦᠮᠦᠴᠢᠨ ᠬᠤᠰᠢᠭᠤᠨ ᠤ ᠨᠠᠮ ᠵᠠᠰᠠᠭ ᠪᠤᠯᠤᠨ ᠮᠠᠯᠴᠢᠨ ᠲᠦᠮᠠᠨ ᠠᠴᠠ ᠠᠶᠤᠷᠰᠠᠨᠠᠭᠠ᠂ | ᠪᠦᠬᠡᠪᠠᠶᠠᠷ ᠤᠨ ᠤᠷᠤᠯᠳᠣᠭᠠᠨ ᠤ ᠠᠮᠵᠢᠯᠳᠠ ᠶᠢ ᠨᠢ ᠮᠢᠯᠢᠶᠠᠨ ᠤᠭᠳᠣᠨ ᠠᠪᠴᠦ᠂ ᠨᠤᠳᠤᠭ ᠤᠷᠤᠨ᠂ ᠬᠦᠮᠦᠨ | ᠠᠷᠡᠳ ᠤᠨ ᠢᠶᠠᠨ ᠠᠯᠳᠠᠷ ᠢ ᠡᠷᠭᠦᠭᠰᠠᠨ ᠳᠤ ᠨᠢ ᠭᠦᠳᠣᠳᠬᠡᠯ ᠲᠠᠪᠰᠢᠬᠦᠯᠦᠭᠰᠠᠨ ᠮᠦᠷᠳᠠᠬᠡᠨ ᠬᠥᠮᠥᠨ | ᠲᠥᠷᠥᠯᠬᠢᠲᠡᠨ ᠤ ᠪᠣᠳᠠᠰ ᠤᠨ ᠪᠤᠰᠤ ᠰᠣᠶᠣᠯ ᠤᠨ ᠥᠪ ᠤᠨ ᠲᠥᠯᠥᠭᠡᠯᠡᠭᠴᠢ ᠪᠦᠲᠦᠭᠡᠯ ᠮᠣᠩᠭᠤᠯ ᠠᠷᠡᠳ ᠤᠨ | ᠤᠷᠲᠤ ᠶᠢᠨ ᠳᠠᠭᠤᠤ ᠪᠠᠨ ᠤᠯᠠᠮ ᠴᠢᠨᠠᠭᠰᠢᠳᠠ ᠪᠠᠨ ᠤᠯᠠᠮᠵᠢᠯᠠᠨ ᠭᠦᠭᠵᠢᠬᠦᠯᠬᠦ ᠶᠢ ᠨᠢ ᠵᠤᠷᠢᠭᠵᠢᠭᠤᠯᠤᠭᠰᠠᠨ | ᠪᠠᠶᠢᠨ᠎ᠠ᠃ | |