ᠲᠠᠪᠤᠨ ᠥᠩᠭᠡ ᠶᠢᠨ ᠬᠠᠳᠠᠭ ᠤᠨ ᠪᠡᠯᠭᠡᠳᠡᠯ
ᠨᠡᠶᠢᠲᠡᠯᠡᠭᠰᠡᠨ ᠴᠠᠭ᠄
2024/8/12
     ᠳᠡᠭᠡᠷ᠎ᠡ ᠦᠶ᠎ᠡ ᠳᠤ ᠬᠥᠷᠥᠩᠭᠡ ᠴᠢᠨᠡᠭᠡ ᠶᠡᠬᠡᠲᠡᠢ ᠠᠶᠢᠯ ᠤᠳ ᠴᠠᠭᠠᠨ ᠰᠠᠷ᠎ᠠ ᠶᠢᠨ ᠪᠢᠲᠡᠭᠦᠨ ᠳᠤ ᠲᠠᠪᠤᠨ  ᠥᠩᠭᠡ ᠶᠢᠨ ᠬᠠᠳᠠᠭ ᠢ ᠪᠤᠷᠬᠠᠨ ᠰᠢᠲᠦᠭᠡᠨ ᠤ  ᠪᠠᠨ ᠳᠡᠭᠡᠷ᠎ᠡ ᠳᠡᠯᠭᠡᠵᠦ᠂ ᠠᠷᠢᠬᠢᠨ ᠤ ᠪᠠᠨ ᠳᠡᠭᠡᠵᠢ ᠠᠴᠠ ᠴᠥᠭᠦᠴᠡᠨ   ᠳᠤ ᠬᠢᠵᠦ ᠳᠡᠭᠡᠵᠢᠯᠡᠨ ᠲᠠᠯᠪᠢᠭᠠᠳ᠂ ᠡᠪᠬᠡᠮᠡᠯ ᠰᠤᠷ ᠢᠶᠠᠨ ᠠᠪᠳᠠᠷ᠎ᠠ ᠳᠠᠭᠠᠨ ᠬᠠᠳᠠᠭᠠᠯᠠᠳᠠᠭ ᠪᠠᠶᠢᠭᠰᠠᠨ ᠠᠵᠢ᠃                  ︽ᠲᠠᠪᠤᠨ ᠥᠩᠭᠡ ᠶᠢᠨ ᠬᠠᠳᠠᠭ︾  ᠢ ᠬᠠᠳᠠᠭᠠᠯᠠᠵᠤ᠂ ᠪᠤᠶᠠᠨ ᠲᠣᠭᠲᠠᠭᠠᠵᠤ ᠪᠠᠶᠠᠨ ᠴᠢᠨᠡᠭᠡᠯᠢᠭ᠂ ᠭᠠᠢ  ᠭᠠᠷᠤᠵᠠ ᠦᠭᠡᠢ᠂ ᠡᠩᠬᠡ ᠲᠦᠪᠰᠢᠨ ᠶᠠᠪᠤᠬᠤ ᠶᠢ ᠪᠡᠯᠭᠡᠳᠡᠳᠡᠭ᠃ ᠲᠠᠪᠤᠨ ᠥᠩᠭᠡ ᠶᠢᠨ ᠬᠠᠳᠠᠭ ᠢ ᠳᠠᠷᠠᠭᠠᠬᠢ ᠵᠠᠩ ᠦᠢᠯᠡ ᠶᠢ ᠪᠦᠲᠦᠭᠡᠬᠦ ᠳᠤ ᠵᠣᠷᠢᠭᠤᠯᠤᠨ ᠠᠰᠢᠭᠯᠠᠳᠠᠭ ᠪᠠᠶᠢᠨ᠎ᠠ᠃                     ᠴᠠᠭᠠᠨ ᠬᠠᠳᠠᠭ᠄ ᠡᠬᠡ ᠶᠢᠨ ᠰᠦᠨ ᠤ ᠥᠩᠭᠡ ᠲᠠᠢ᠂ ᠰᠡᠳᠬᠢᠯ ᠠᠷᠢᠭᠤᠨ᠂ ᠪᠣᠳᠢ ᠰᠡᠳᠬᠢᠯᠭᠡ ᠲᠠᠢ᠂  ᠥᠭᠭᠦᠯᠡᠭᠴᠢ ᠪᠤᠶᠠᠨ ᠲᠠᠢ᠃ ᠬᠠᠷᠠᠩᠭᠤᠢ ᠶᠢ ᠭᠡᠶᠢᠭᠦᠯᠳᠡᠭ ᠠᠮᠤᠷᠯᠢᠩᠭᠤᠢ ᠶᠢᠨ ᠥᠩᠭᠡ ᠤᠴᠢᠷ ᠡᠪᠡᠳᠴᠢᠨ᠂  ᠪᠠᠷᠴᠢᠳ᠂ ᠠᠳᠠ᠂ ᠲᠣᠳᠬᠠᠷ᠂ ᠬᠤᠯᠠᠭᠠᠢ ᠳᠡᠭᠡᠷᠡᠮ ᠢ ᠠᠷᠢᠯᠭᠠᠬᠤ᠂ ᠰᠠᠨᠠᠭᠰᠠᠨ ᠵᠦᠢᠯ ᠢ ᠪᠦᠲᠦᠭᠡᠬᠦ ᠳᠤ  ᠪᠡᠯᠭᠡᠰᠢᠶᠡᠳᠡᠭ᠃                     ᠰᠢᠷ᠎ᠠ ᠬᠠᠳᠠᠭ᠄ ᠠᠯᠢᠪᠠ ᠮᠠᠭᠤ ᠪᠦᠬᠦᠨ ᠤ ᠵᠠᠶᠢᠯᠠᠭᠤᠯᠵᠤ᠂ ᠴᠤᠭ ᠵᠣᠯᠪᠣᠭ᠎ᠠ᠂ ᠨᠠᠰᠤ ᠪᠤᠶᠠᠨ᠂ ᠲᠡᠭᠦᠰ  ᠡᠳ᠋ᠯᠡᠯ᠂ ᠢᠷᠠᠭᠤ ᠠᠯᠳᠠᠷ᠂ ᠱᠠᠰᠢᠨ ᠤ ᠢᠵᠠᠭᠤᠷ ᠦᠨᠳᠦᠰᠦ ᠶᠢ ᠰᠢᠨ᠎ᠡ ᠶᠢᠨ ᠰᠠᠷ᠎ᠠ ᠮᠡᠲᠦ ᠳᠡᠯᠭᠡᠷᠡᠭᠦᠯᠬᠦ ᠦᠢᠯᠡ ᠶᠢ  ᠪᠦᠲᠦᠭᠡᠨ᠎ᠡ᠃                     ᠤᠯᠠᠭᠠᠨ ᠬᠠᠳᠠᠭ᠄ ᠭᠠᠯ ᠭᠤᠯᠣᠮᠲᠠ ᠪᠠᠳᠠᠷᠠᠨ ᠳᠡᠭᠡᠭᠰᠢᠯᠡᠬᠦ ᠶᠢᠨ ᠪᠡᠯᠭᠡᠳᠡᠯ᠃ ᠶᠢᠷᠲᠢᠨᠴᠦ ᠶᠢᠨ ᠶᠢᠰᠦᠨ  ᠬᠦᠰᠡᠯ ᠢ ᠪᠦᠷᠢᠳᠦᠭᠦᠯᠬᠦ ᠪᠦᠬᠦ ᠵᠦᠢᠯ ᠢ ᠥᠪᠡᠷᠲᠡᠭᠡᠨ ᠪᠤᠶᠤ ᠨᠠᠭᠠᠰᠢ ᠪᠠᠨ ᠬᠤᠷᠢᠶᠠᠬᠤ ᠦᠢᠯᠡ ᠶᠢ ᠪᠦᠲᠦᠭᠡᠨ᠎ᠡ᠃                    ᠴᠡᠩᠬᠡᠷ ᠬᠠᠳᠠᠭ᠄ ᠮᠥᠩᠬᠡ ᠲᠡᠭᠷᠢ ᠶᠢᠨ ᠥᠩᠭᠡ᠂ ᠠᠮᠤᠷ ᠲᠠᠶᠢᠪᠤᠩ ᠤᠨ ᠪᠡᠯᠭᠡᠳᠡᠯ᠂ ᠠᠯᠢᠪᠠ ᠬᠤᠣᠷᠯᠠᠯ  ᠦᠢᠯᠡᠳᠬᠦ ᠬᠤᠣᠷᠲᠠᠨ ᠳᠠᠶᠢᠰᠤᠨ ᠪᠦᠭᠦᠳᠡ ᠶᠢ ᠭᠡᠰᠬᠡᠨ ᠴᠡᠭᠡᠷᠯᠡᠭᠦᠯᠬᠦ ᠦᠢᠯᠡ ᠶᠢ ᠪᠦᠲᠦᠭᠡᠨ᠎ᠡ᠃                  ᠨᠣᠭᠤᠭᠠᠨ ᠬᠠᠳᠠᠭ᠄ ᠳᠡᠯᠭᠡᠷᠡᠨ ᠠᠷᠪᠢᠵᠢᠬᠤ ᠶᠢᠨ ᠪᠡᠯᠭᠡᠳᠡᠯ ᠲᠠᠢ᠃ ᠳᠡᠭᠡᠷᠡᠬᠢ ᠪᠡᠯᠭᠡᠳᠡᠯ ᠤᠳ ᠢ ᠪᠣᠳᠣᠵᠤ  ᠬᠠᠳᠠᠭ ᠢ ᠠᠷᠭᠠᠮᠵᠢ᠂ ᠰᠤᠷ᠂ ᠤᠰᠤ ᠦᠭᠡᠢ ᠬᠠᠷ᠎ᠠ ᠠᠷᠢᠬᠢᠨ ᠤ ᠬᠠᠮᠲᠤ ᠬᠠᠳᠠᠭᠠᠯᠠᠳᠠᠭ ᠪᠥᠭᠡᠳ ᠠᠷᠭᠠᠮᠵᠢ᠂ ᠰᠤᠷ    ᠨᠢ ᠮᠠᠯ ᠤᠨ ᠵᠠᠶᠠᠭ᠎ᠠ ᠲᠣᠭᠲᠠᠭᠠᠬᠤ᠂ ᠠᠷᠢᠬᠢ ᠨᠢ ᠪᠤᠰᠤᠳ ᠪᠦᠬᠦ ᠪᠤᠶᠠᠨ ᠲᠣᠭᠲᠠᠭᠠᠨ᠎ᠠ ᠭᠡᠰᠡᠨ ᠰᠠᠨᠠᠭ᠎ᠠ ᠪᠠᠷ  ᠰᠦᠰᠦᠭᠯᠡᠨ ᠬᠠᠳᠠᠭᠠᠯᠠᠵᠤ ᠢᠷᠠᠵᠠᠢ᠃              ᠡᠶᠢᠨ ᠡᠭᠦᠳᠡᠨ ᠠᠴᠠ ᠠᠷᠢᠬᠢ ᠬᠠᠳᠠᠭ ᠬᠤᠶᠠᠷ ᠢ ᠴᠤᠭ ᠬᠠᠳᠠᠭᠠᠯᠠᠪᠠᠰᠤ ᠡᠳ᠋  ᠮᠥᠩᠭᠦ ᠲᠣᠭᠲᠠᠬᠤ᠂ ᠠᠮᠤᠷ ᠲᠠᠶᠢᠪᠤᠩ ᠠᠮᠢᠳᠤᠷᠠᠬᠤ ᠪᠡᠯᠭᠡᠳᠡᠯ ᠣᠷᠣᠰᠢᠨ᠎ᠠ ᠬᠡᠮᠡᠳᠡᠭ ᠪᠠᠶᠢᠨ᠎ᠠ᠃            
 
ᠢᠷᠡᠯᠲᠡ᠄ ᠬᠦᠯᠦᠨ ᠪᠤᠶᠢᠷ ᠬᠤᠲᠠ ᠶᠢᠨ ᠵᠠᠰᠠᠭ  ᠤᠨ ᠤᠷᠳᠤᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号