ᠮᠠᠯᠠᠭ᠎ᠠ ᠶᠢᠨ ᠲᠠᠪᠠᠭᠠᠨ ᠤ ᠬᠤᠷᠮᠤᠢ ᠳᠠᠬᠢ ᠵᠤᠰᠠᠭᠠᠯ ᠨᠢ  ᠬᠦᠮᠦᠰ ᠤᠨ ᠭᠦᠷᠢᠶᠠᠯᠠᠯ ᠢ ᠤᠯᠵᠦ ᠪᠤᠢ
ᠨᠡᠶᠢᠲᠡᠯᠡᠭᠰᠡᠨ ᠴᠠᠭ᠄
2024/7/22
    ᠮᠠᠯᠠᠭ᠎ᠠ ᠶᠢᠨ ᠲᠠᠪᠠᠭᠠᠨ ᠤ ᠠᠷᠣ ᠬᠤᠷᠮᠤᠢ ᠳᠤ ᠮᠠᠯ ᠰᠦᠷᠦᠭ ᠲᠠᠪᠠᠳᠠᠢ ᠰᠠᠶᠢᠬᠠᠨ ᠢᠳᠠᠰᠢᠯᠠᠵᠦ᠂ ᠲᠠᠨᠠᠨ ᠴᠠᠭᠠᠨ ᠮᠤᠩᠭᠤᠯ ᠬᠡᠷ ᠤᠳ ᠴᠠᠶᠢᠯᠵᠠᠨ᠂ ᠵᠠᠯ᠎ᠠ ᠲᠡᠬᠡᠷ᠎ᠡ ᠮᠣᠷᠢ ᠤᠨᠤᠭ᠎ᠠ ᠰᠣᠶᠢᠭᠠᠰᠤᠲᠠᠢ ᠵᠢᠷᠤᠭ ᠰᠢᠭ᠋ ᠭᠦᠳᠡᠭᠡ ᠠᠬᠤᠢ ᠠᠮᠢᠳᠣᠷᠠᠯ ᠨᠢᠳᠣᠨ ᠡᠮᠤᠨ᠎ᠠ ᠢᠯᠠᠷᠡᠨ᠎ᠠ᠃ ᠡᠨᠡ ᠪᠤᠯ ᠪᠠᠶᠠᠩᠬᠤᠸᠡ ᠪᠠᠯᠭᠠᠰᠣᠨ ᠤ ᠬᠠᠭ᠋ᠠᠭᠤᠯᠠ ᠭᠠᠴᠠᠭᠠᠨ ᠤ ᠮᠠᠯᠴᠢᠨ ᠬᠡᠷᠡᠯᠳᠣᠭᠳᠠᠬᠤ ᠶᠢᠨ ᠵᠤᠭᠠᠴᠠᠯ ᠤᠨ ᠭᠠᠵᠠᠷ ᠪᠠᠶᠢᠯ᠎ᠠ᠃
   ᠮᠠᠯᠴᠢᠨ ᠬᠡᠷᠡᠯᠳᠣᠭᠳᠠᠬᠤ ᠶᠢᠨ ᠨᠤᠳᠤᠭ ᠪᠠᠯᠴᠢᠬᠡᠷ ᠦᠵᠡᠰᠬᠦᠯᠠᠩ ᠰᠠᠶᠢᠬᠠᠨ᠂ ᠤᠯᠠᠷᠢᠯ ᠤᠨ ᠰᠠᠶᠢᠬᠠᠨ ᠪᠤᠯᠬᠤ ᠎ ᠪᠠᠷ ᠯᠠ ᠡᠪᠡᠰᠣ ᠮᠤᠳᠣ ᠬᠠᠯᠢᠭᠤᠷᠠᠨ᠂ ᠦᠩᠬᠡ ᠶᠢᠨ ᠴᠡᠴᠡᠭ ᠵᠢᠰᠣ ᠪᠤᠯᠢᠶᠠᠯᠳᠣᠨ ᠲᠡᠯᠬᠡᠷᠡᠳᠡᠭ ᠪᠠᠶᠢᠨ᠎ᠠ᠃ ᠡᠶᠢᠨᠬᠦ ᠮᠠᠯᠴᠢᠨ ᠬᠡᠷᠡᠯᠳᠣᠭᠳᠠᠬᠤ ᠪᠠᠶᠢᠭᠠᠯᠢ ᠶᠢᠨ ᠬᠡᠰᠢᠭ᠂ ᠨᠤᠳᠤᠭ ᠤᠨ ᠪᠤᠶᠠᠨ ᠢᠶᠠᠨ ᠲᠦᠰᠢᠵᠦ᠂ 2022 ᠤᠨ ᠠᠴᠠ ︽ᠭᠦᠢᠳᠠᠨ ᠵᠤᠭᠠᠴᠠᠯ ᠤᠨ ᠭᠠᠵᠠᠷ︾᠎ ᠢᠶᠠᠨ ᠡᠷᠬᠢᠯᠠᠵᠠᠢ᠃
  ︽ᠭᠦᠢᠳᠠᠨ ᠵᠤᠭᠠᠴᠠᠯ ᠤᠨ ᠭᠠᠵᠠᠷ︾᠎ ᠲᠤ ᠵᠢᠭᠤᠯᠴᠢᠯᠠᠭᠰᠠᠳ ᠪᠠᠶ᠎ᠠ ᠰᠠᠳᠬᠢᠯ ᠤᠨ ᠢᠶᠠᠨ ᠴᠢᠯᠡᠭᠡ ᠶᠢ ᠲᠠᠶᠢᠯᠤᠨ᠂ ᠡᠬᠡ ᠪᠠᠶᠢᠭᠠᠯᠢ ᠶᠢᠨ ᠭᠠᠩᠭᠠᠩ ᠰᠠᠶᠢᠬᠠᠨ ᠢ ᠰᠣᠨᠢᠷᠬᠠᠵᠤ ᠴᠢᠳᠠᠬᠤ ᠪᠠᠷ ᠪᠠᠷᠠᠬᠤ ᠦᠭᠡᠢ᠂ ᠮᠣᠷᠢ ᠤᠨᠤᠬᠤ᠂ ᠰᠤᠷ ᠬᠠᠷᠪᠤᠬᠤ᠂ ᠳᠠᠭᠤᠤ ᠪᠥᠵᠢᠭ ᠤᠨ ᠲᠣᠭᠯᠠᠯᠲᠠ ᠵᠡᠷᠬᠡ ᠠᠵᠢᠯᠯᠠᠭ᠎ᠠ ᠳᠤ ᠪᠠᠶᠠᠴᠢᠯᠠᠨ ᠣᠷᠣᠯᠴᠠᠵᠤ᠂ ᠮᠠᠯᠵᠢᠬᠤ ᠠᠮᠢᠳᠤᠷᠠᠯ ᠤᠨ ᠰᠣᠶᠣᠯ ᠢ ᠭᠦᠨᠵᠡᠭᠡᠢ   ᠦᠢᠯᠭᠠᠵᠦ ᠲᠠᠶᠢᠯᠬᠦ ᠪᠤᠯᠤᠨ᠎ᠠ᠃ ᠡᠬᠦᠨ ᠤ ᠲᠠᠭᠠᠤ ᠬᠤᠷᠤᠳ ᠬᠢᠬᠦ᠂ ᠦᠨᠢᠶ᠎ᠠ ᠰᠠᠭᠠᠬᠤ ᠵᠡᠷᠬᠡ ᠮᠠᠯᠴᠢᠳ ᠤᠨ ᠡᠳᠦᠷ ᠲᠤᠳᠣᠮ ᠤᠨ ᠦᠢᠯᠠ ᠠᠵᠢᠯ ᠳᠤ ᠪᠡᠶᠡᠴᠢᠯᠡᠨ ᠣᠷᠣᠯᠴᠠᠵᠤ᠂ ᠮᠢᠬ᠎ᠠ ᠂ ᠴᠠᠭᠠᠨ ᠢᠳᠡᠭᠡ ᠵᠢᠴᠢ ᠰᠢᠷ᠎ᠠ ᠴᠡᠴᠡᠭ᠂ ᠣᠶᠢᠮ᠎ᠠ᠂ ᠴᠤᠭᠤᠷ ᠨᠣᠭᠤᠭ᠎ᠠ ᠵᠡᠷᠭᠡ ᠬᠡᠭᠡᠷ᠎ᠡ ᠶᠢᠨ ᠤᠷᠭᠤᠮᠠᠯ ᠢᠶᠠᠷ ᠬᠢᠭᠰᠡᠨ ᠭᠦᠳᠡᠭᠡ ᠤᠨᠴᠠᠯᠢᠭᠳᠣ ᠬᠤᠭᠤᠯᠠ ᠵᠠᠭᠤᠰᠢ ᠵᠣᠭᠤᠭᠯᠠᠨ᠂ ᠲᠦᠳᠡᠭ ᠭᠠᠯ ᠤᠨ ᠦᠳᠠᠰᠢᠯᠡᠭᠡ᠂ ᠵᠤᠰᠠᠭᠠᠯ ᠎ ᠤᠨ ᠮᠤᠩᠭᠤᠯ ᠬᠡᠷ ᠲᠤ ᠬᠤᠨᠤᠭᠯᠠᠬᠤ᠂ ᠦᠪᠡᠷᠳᠠᠬᠡᠨ ᠠᠶᠠᠯᠠᠯ ᠤᠨ ᠵᠢᠵᠢᠭ ᠮᠠᠶᠢᠬᠠᠨ ᠪᠤᠰᠬᠠᠵᠦ ᠠᠮᠠᠷᠠᠬᠤ ᠵᠡᠷᠬᠡ ᠨᠦᠬᠦᠴᠠᠯ ᠪᠤᠯᠤᠮᠵᠢ ᠶᠢ ᠠᠰᠢᠭᠯᠠᠨ ᠰᠡᠯᠡᠭᠦᠴᠡᠨ ᠵᠤᠭᠠᠯᠠᠵᠤ ᠪᠣᠯᠳᠠᠭ᠃
   ︽ᠥᠩᠭᠡᠷᠡᠭᠰᠡᠨ ᠳᠤ ᠵᠥᠪᠬᠡᠨ ᠮᠠᠯᠵᠢᠯ ᠤᠨ ᠤᠷᠤᠯᠭ᠎ᠠ ᠳᠠᠭᠠᠨ ᠲᠦᠰᠢᠭᠯᠡᠵᠦ ᠪᠠᠶᠢᠭᠰᠠᠨ  ᠂ ᠣᠳᠣ ᠵᠤᠭᠠᠴᠠᠯ ᠎ ᠤᠨ ᠭᠠᠵᠠᠷ ᠨᠢ ᠮᠠᠨ ᠤ ᠣᠷᠣᠯᠭ᠎ᠠ ᠶᠢ ᠨᠡᠮᠡᠭᠳᠡᠭᠦᠯᠦᠭᠰᠡᠨ ᠢᠶᠠᠷ ᠪᠠᠷᠠᠬᠤ ᠦᠭᠡᠢ᠂ ᠦᠨᠳᠦᠰᠦᠲᠡᠨ ᠤ ᠰᠣᠶᠣᠯ ᠢ ᠤᠯᠠᠮᠵᠢᠯᠠᠨ ᠳᠡᠯᠭᠡᠷᠡᠭᠦᠯᠵᠦ᠂ ᠨᠡᠩ ᠣᠯᠠᠨ ᠬᠥᠮᠥᠰ ᠲᠤ ᠣᠶᠢᠯᠠᠭᠠᠭᠤᠯᠵᠤ ᠪᠠᠭ᠋ᠠᠷᠠᠭᠤᠯᠬᠤ ᠪᠣᠯᠤᠭᠰᠠᠨ ᠪᠠᠶᠢᠨ᠎ᠠ︾ ᠭᠡᠵᠦ ᠮᠠᠯᠴᠢᠨ ᠬᠡᠷᠡᠯᠳᠣᠭᠳᠠᠬᠤ  ᠪᠠᠶᠠᠷᠲᠠᠢ ᠶᠠᠷᠢᠵᠦ ᠪᠠᠶᠢᠯ᠎ᠠ᠃    ᠬᠡᠷᠡᠯᠳᠣᠭᠳᠠᠬᠤ ᠶᠢᠨ ᠵᠤᠰᠠᠭᠠᠯ ᠨᠢ ᠲᠤᠰ ᠭᠠᠴᠠᠭᠠᠨ ᠤ ᠪᠠᠨ ︽ᠬᠢᠳᠠᠨ ᠤ ᠪᠤᠯᠠᠭ ᠴᠡᠭᠡ︾᠎ ᠶᠢᠨ ᠵᠢᠭᠤᠯᠴᠢᠯᠠᠯ ᠎ ᠤᠨ ᠭᠠᠵᠠᠷ᠂ ︽ᠦᠷᠡᠯᠳᠣ ᠬᠡᠷ ᠪᠦᠯᠢ ᠶᠢᠨ ᠮᠠᠯᠵᠢᠯ ᠤᠨ ᠲᠠᠯᠠᠪᠡᠢ︾᠎ ᠶᠢᠨ ᠠᠳᠣᠭᠤ ᠲᠠᠢ ᠵᠤᠰᠠᠯᠠᠩ ᠲᠠᠢ ᠵᠠᠷᠬᠡᠴᠠᠨ ᠪᠠᠶᠢᠷᠢᠯᠠᠵᠦ᠂ ᠮᠢᠩᠭᠠᠨ ᠭᠠᠵᠠᠷ ᠤᠨ ᠲᠠᠯ᠎ᠠ ᠨᠤᠳᠤᠭ ᠤᠨ ᠦᠵᠡᠮᠵᠢ ᠰᠣᠨᠢᠷᠬᠠᠬᠤ 207 ᠤᠯᠤᠰ ᠤᠨ ᠵᠠᠮ ᠪᠤᠯᠤᠨ ᠪᠠᠶᠠᠠᠬᠤᠸᠡ ᠠᠴᠠ ᠬᠤᠤᠯᠢᠨ ᠭᠤᠤᠯ ᠭᠦᠷᠭᠦ  ᠵᠠᠰᠠᠮᠠᠯ ᠵᠠᠮ ᠠᠴᠠ ᠠᠷᠤ ᠬᠤᠷᠴᠢᠨ ᠬᠤᠰᠢᠭᠤᠨ ᠤ ᠪᠠᠶ᠋ᠬᠠᠦ᠋ᠨᠳᠣᠷ ᠰᠣᠮᠤᠨ ᠤ ᠠᠮᠢ ᠠᠬᠤᠢ ᠶᠢᠨ ᠨᠠᠬᠦᠳᠠᠯ ᠮᠠᠯᠵᠢᠯ ᠤᠨ ᠵᠤᠰᠠᠯᠠᠩ ᠤᠨ ᠤᠷᠤᠨ ᠢ ᠬᠤᠯᠪᠤᠵᠦ ᠪᠠᠶᠢᠳᠠᠭ ᠢᠶᠠᠷ ᠢᠶᠠᠨ ᠦᠢᠷ᠎ᠡ  ᠬᠤᠯᠠ ᠶᠢᠨ ᠵᠢᠭᠤᠯᠴᠢᠯᠠᠭᠰᠠᠳ ᠤᠨ ᠭᠤᠶᠢᠳᠠ ᠰᠠᠶᠢᠬᠠᠨ ᠪᠠᠶᠢᠭᠠᠯᠢ ᠶᠢᠨ ᠦᠩᠬᠡ ᠦᠵᠡᠮᠵᠢ  ᠵᠢᠴᠢ ᠭᠦᠳᠡᠭᠡ ᠠᠬᠤᠢ ᠠᠮᠢᠳᠣᠷᠠᠯ ᠢᠶᠠᠷ ᠵᠤᠭᠠᠴᠠᠨ ᠰᠠᠯᠠᠬᠦᠴᠠᠬᠦ ᠳᠤ ᠲᠤᠩ ᠲᠦᠬᠦᠮ ᠲᠦᠳᠠ ᠪᠠᠶᠢᠳᠠᠭ᠃    ︽ᠭᠦᠢᠳᠠᠨ ᠵᠤᠭᠠᠴᠠᠯ ᠤᠨ ᠭᠠᠵᠠᠷ︾᠎ ᠨᠢ ᠰᠠᠯᠠᠬᠦᠴᠠᠨ ᠵᠤᠭᠠᠴᠠᠬᠤ ᠬᠦᠮᠦᠰ ᠤᠨ ᠭᠦᠷᠢᠶᠠᠯᠠᠯ ᠢ ᠤᠯᠵᠦ᠂ ᠡᠯ᠎ᠠ ᠬᠤᠰᠢᠭᠤ ᠰᠢᠶᠠᠨ᠂ ᠠᠶᠢᠮᠠᠭ ᠵᠢᠴᠢ ᠪᠡᠬᠡᠵᠢᠩ᠂ ᠹᠦᠵᠢᠶᠠᠨ ᠤ ᠤᠯᠠᠨ ᠵᠤᠭᠠᠴᠠᠭᠰᠠᠳ ᠢ ᠬᠦᠯᠢᠶᠠᠨ ᠵᠤᠴᠢᠯᠠᠵᠦ᠂ ᠠᠷᠡᠯᠵᠢᠶ᠎ᠠ ᠮᠠᠶᠢᠮᠠᠢ ᠮᠠᠰᠢ ᠭᠦᠭᠵᠢᠶᠠᠨᠳᠠᠢ ᠪᠠᠶᠢᠯ᠎ᠠ᠃  ᠲᠡᠷᠡᠪᠠᠷ ᠲᠠᠷᠠᠭᠠᠴᠢ ᠶᠢᠨ ᠠᠯᠬᠤᠮ ᠳᠤ ᠵᠤᠭᠠᠴᠠᠯ ᠤᠨ ᠭᠠᠵᠠᠷ ᠤᠨ ᠬᠡᠪᠴᠢᠶ᠎ᠠ ᠪᠠᠨ ᠦᠷᠬᠡᠳᠬᠡᠨ᠂ ᠬᠦᠮᠦᠨ ᠤ ᠬᠦᠴᠦ᠂ ᠪᠤᠳᠠᠰ ᠤᠨ ᠬᠦᠴᠦ ᠪᠠᠨ ᠨᠠᠩ ᠰᠠᠶᠢᠳᠣᠷ ᠠᠰᠢᠭᠯᠠᠵᠦ᠂ ᠵᠤᠭᠠᠴᠠᠯ ᠤᠨ ᠤᠷᠤᠯᠭ᠎ᠠ ᠪᠠᠨ ᠨᠡᠮᠡᠭᠳᠠᠭᠦᠯᠬᠦ᠂ ᠦᠢᠯᠠᠴᠢᠯᠡᠭᠡ ᠶᠢᠨ ᠢᠶᠠᠨ ᠶᠠᠰᠣ ᠴᠢᠨᠠᠷ ᠢ ᠲᠡᠭᠡᠭᠰᠢᠯᠠᠬᠦᠯᠬᠦ ᠪᠠᠷ ᠲᠦᠰᠤᠪᠯᠠᠵᠦ᠂ ᠤᠷᠤᠨ ᠨᠤᠳᠤᠭ ᠤᠨ ᠢᠶᠠᠨ ᠨᠠᠷ᠎ᠠ ᠠᠯᠳᠡᠷᠰᠢᠯ ᠢ ᠨᠡᠮᠡᠭᠳᠠᠬᠦᠯᠦᠨ᠂ ᠡᠬᠡ ᠪᠠᠶᠢᠭᠠᠯᠢ ᠠᠮᠢ ᠠᠬᠤᠢ ᠪᠠᠨ ᠬᠠᠮᠠᠭᠠᠯᠠᠬᠤ ᠶᠢ ᠤᠷᠢᠶᠠᠯᠠᠨ ᠦᠢᠯᠠᠭᠠᠭᠤᠯᠬᠤ ᠪᠠᠷ ᠵᠤᠷᠢᠨ᠎ᠠ᠃
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠵᠠᠰᠠᠭ ᠤᠨ ᠤᠷᠳᠤᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号