ᠮᠣᠷᠢᠨ ᠬᠤᠭᠤᠷ ᠤᠨ ᠡᠭᠦᠰᠦᠯ
ᠨᠡᠶᠢᠲᠡᠯᠡᠭᠰᠡᠨ ᠴᠠᠭ᠄
2024/7/12
     ᠮᠣᠩᠭᠤᠯ ᠦᠨᠳᠦᠰᠦᠲᠡᠨ ᠤ ᠴᠤᠭᠤᠷ ᠤᠷᠠᠯᠢᠭ ᠲᠤ ᠮᠣᠷᠢᠨ ᠬᠤᠭᠤᠷ ᠨᠢ ᠬᠥᠭᠵᠢᠮᠳᠡᠭᠦᠷ ᠤᠨ ᠴᠤᠭᠤᠷ ᠤᠨ ᠣᠷᠭᠢᠯ ᠪᠣᠯᠵᠤ᠂ ᠢᠯᠠᠩᠭᠤᠶ᠎ᠠ ᠰ᠊᠂ ᠷᠠᠰᠢ᠂  ᠰᠠᠩᠳᠦ᠋ᠭᠦᠷᠡᠩ᠂  ᠴᠢ · ᠪᠤᠯᠠᠭ᠂  ᠪᠦᠷᠢᠨᠪᠠᠶᠠᠷ  ᠪᠠ  ᠳ᠋ᠠᠷᠮ᠎ᠠ   ᠵᠡᠷᠭᠡ  ᠠᠯᠢ  ᠣᠯᠠᠨ ᠰᠢᠯᠭᠠᠷᠠᠭᠰᠠᠨ ᠤᠷᠠᠯᠢᠭᠴᠢᠳ ᠤᠨ ᠰᠠᠶᠢᠵᠢᠷᠠᠭᠤᠯᠬᠤ ᠪᠠ ᠳᠡᠭᠡᠭᠰᠢᠯᠡᠭᠦᠯᠬᠦ ᠪᠠᠷ ᠳᠡᠮᠵᠢᠨ᠂ ᠡᠨᠡ ᠬᠦ  ᠬᠥᠭᠵᠢᠮᠳᠡᠭᠦᠷ ᠨᠢ  ᠥᠷᠭᠡᠨ ᠳᠡᠯᠭᠡᠷ ᠲᠦᠭᠡᠮᠡᠯᠵᠢᠵᠦ᠂ ᠳᠡᠯᠡᠬᠡᠢ ᠶᠢᠨ ᠳᠠᠭᠤᠤ ᠬᠥᠭᠵᠢᠮ ᠤᠨ ᠤᠷᠠᠯᠢᠭ  ᠤᠨ ᠤᠢ  ᠳᠣᠲᠣᠷᠠᠬᠢ  ᠦᠨᠡᠲᠦ  ᠡᠷᠳᠡᠨᠢ  ᠪᠣᠯᠤᠭᠰᠠᠨ ᠪᠠᠶᠢᠨ᠎ᠠ᠃ ᠭᠡᠪᠡᠴᠦ ᠮᠣᠷᠢᠨ ᠬᠤᠭᠤᠷ ᠤᠨ ᠡᠭᠦᠰᠦᠯ ᠤᠨ ᠲᠤᠬᠠᠢ  ᠡᠷᠳᠡᠮ ᠰᠢᠨᠵᠢᠯᠡᠭᠡᠨ ᠤ ᠬᠢᠨ ᠶᠡᠷᠦᠨᠢ ᠨᠤᠲᠠᠯᠠᠯ ᠬᠢᠭᠡᠳᠦᠢ᠃                     ᠲᠠᠯ᠎ᠠ ᠨᠤᠲᠤᠭ ᠲᠤ ᠨᠢᠭᠡ ᠡᠷᠲᠡᠨ ᠤ ᠤᠯᠠᠮᠵᠢᠯᠠᠯ ᠶᠠᠷᠢᠶ᠎ᠠ ᠪᠠᠶᠢᠳᠠᠭ᠂ ᠬᠥᠮᠥᠰ ᠠᠶᠢᠷᠠᠭ ᠤᠨ ᠰᠢᠨᠠᠭ᠎ᠠ ᠶᠢ   ᠦᠬᠡᠷ ᠤᠨ‌ᠠᠷᠠᠰᠤ ᠪᠠᠷ ᠪᠦᠷᠢᠵᠦ᠂  ᠮᠣᠷᠢᠨ ᠰᠡᠬᠦᠯ ᠤᠨ ᠬᠢᠯᠭᠠᠰᠤ ᠪᠠᠷ ᠬᠤᠶᠠᠷ ᠬᠥᠪᠴᠢ ᠲᠠᠲᠠᠵᠤ ᠬᠥᠭᠵᠢᠮᠳᠡᠭᠦᠷ   ᠪᠣᠯᠭᠠᠨ ᠬᠥᠭᠵᠢᠮᠳᠡᠳᠡᠭ ᠢ ︽ᠰᠢᠨᠠᠭᠠᠨ ᠬᠤᠭᠤᠷ︾ ᠬᠡᠮᠡᠳᠡᠭ ᠪᠠᠶᠢᠪᠠ᠃ ᠮᠣᠷᠢᠨ ᠬᠤᠭᠤᠷ ᠪᠣᠯ 19 ᠳ᠋ᠦ᠋ᠭᠡᠷ ᠵᠠᠭᠤᠨ ᠤ ᠰᠡᠭᠦᠯᠴᠢ ᠪᠠᠷ ᠰᠢᠨ᠎ᠡ ᠪᠠᠷ ᠮᠠᠨᠳᠤᠭᠰᠠᠨ ᠬᠥᠭᠵᠢᠮ ᠪᠣᠯᠣᠨ᠎ᠠ᠃  ᠲᠡᠭᠦᠨ ᠤ ᠪᠣᠢ ᠪᠣᠯᠤᠭᠰᠠᠨ ᠨᠢ ᠮᠥᠨ ᠴᠦ ᠤᠷᠳᠤ ᠤᠳᠠᠭᠠᠨ ᠬᠥᠭᠵᠢᠯᠲᠡ ᠶᠢ ᠥᠩᠭᠡᠷᠡᠭᠡᠭᠰᠡᠨ ᠪᠥᠭᠡᠳ ᠡᠨᠡ  ᠬᠦ  ᠶᠠᠪᠤᠴᠠ  ᠎ ᠳᠠᠭᠠᠨ ᠤᠯᠠᠨ ᠡᠰᠢᠲᠦ ᠰᠣᠶᠣᠯ ᠤᠨ ᠬᠦᠴᠦᠨ ᠵᠦᠢᠯ ᠤᠨ ᠨᠥᠯᠥᠭᠡ ᠶᠢ ᠣᠯᠣᠭᠰᠠᠨ ᠪᠠᠶᠢᠯ᠎ᠠ᠂ ᠡᠭᠦᠨ ᠳᠤ  ᠡᠶᠢᠮᠦ ᠬᠡᠳᠦᠨ ᠵᠦᠢᠯ ᠤᠨ ᠬᠡᠯᠡᠯᠭᠡ ᠪᠠᠶᠢᠨ᠎ᠠ᠃ ᠶᠠᠭᠤᠨ ᠤ ᠤᠷᠢᠳ ᠪᠠᠷᠠᠭᠤᠨ ᠠᠹᠷᠢᠺᠠ ᠶᠢᠨ ᠣᠷᠣᠨ ᠤ RITI ᠬᠥᠭᠵᠢᠮ ᠪᠣᠯᠣᠨ᠎ᠠ᠃ ᠡᠨᠡ   ᠬᠥᠭᠵᠢᠮᠳᠡᠭᠦᠷ  ᠎ ᠨᠢ ᠪᠠᠷᠠᠭᠤᠨ ᠠᠹᠷᠢᠺᠠ ᠶᠢᠨ ᠭᠠᠷᠠᠮ ᠤᠨ ᠬᠤᠲᠠ ᠳ᠋ᠠᠷᠺᠧᠯ ᠠᠴᠠ ᠢᠷᠡᠯ  ᠎ ᠲᠠᠢ᠂  ᠮᠣᠷᠢᠨ  ᠰᠡᠭᠦᠯ  ᠎ ᠤᠨ  ᠬᠢᠯᠭᠠᠰᠤ ᠪᠠᠷ  ᠬᠢᠭᠰᠡᠨ ᠭᠠᠭᠴᠠ ᠬᠥᠪᠴᠢ ᠲᠠᠢ᠂ ᠮᠣᠷᠢᠨ ᠰᠡᠭᠦᠯᠲᠦ ᠶᠠᠲᠤᠭ᠎ᠠ ᠶᠢᠨ ᠨᠤᠮᠤ ᠲᠠᠢ᠂ ᠶᠠᠲᠤᠭ᠎ᠠ ᠎ ᠶᠢᠨ ᠬᠠᠶᠢᠷᠴᠠᠭ  ᠎ ᠢ ᠠᠪᠤᠷᠭᠤ ᠮᠣᠭᠠᠢ ᠶᠢᠨ ᠠᠷᠠᠰᠤ ᠪᠠᠷ ᠪᠦᠷᠢᠵᠡᠢ᠃  ᠳᠠᠷᠠᠭᠠᠯᠠᠪᠠᠯ ᠠᠹᠷᠢᠺᠠ ᠲᠢᠪ ᠤᠨ ᠡᠸ᠋ᠽᠢᠣᠪᠢᠶ᠎ᠡ ᠶᠢᠨ Masenqo᠎ ᠳᠤ ᠡᠨᠡ ᠬᠦ ᠬᠥᠭᠵᠢᠮᠳᠡᠭᠦᠷ ᠤᠨ ᠬᠠᠶᠢᠷᠴᠠᠭ ᠨᠢ ᠳᠥᠷᠪᠡᠯᠵᠢᠨ ᠬᠡᠯᠪᠡᠷᠢ ᠲᠠᠢ ᠪᠠᠶᠢᠵᠤ᠂ ᠨᠢᠭᠤᠷ ᠢ ᠨᠢ ᠦᠬᠡᠷ ᠤᠨ ᠠᠷᠠᠰᠤ ᠪᠠᠷ ᠪᠦᠷᠢᠵᠦ᠂ ᠭᠠᠭᠴᠠ ᠴᠢᠪᠬᠠᠳᠠᠰᠤᠲᠠᠢ᠂  ᠬᠡᠪ ᠨᠠᠮᠪᠠ ᠨᠢ ᠲᠥᠪᠯᠡᠭᠦᠨ ᠮᠥᠷᠲᠡᠭᠡᠨ ᠪᠣᠷᠣᠭᠵᠢᠭᠤᠨ᠃ ᠲᠠᠬᠢᠭᠠᠳ ᠬᠡᠯᠡᠪᠡᠯ᠂ ᠣᠳᠣᠬᠠᠨ ᠳᠤ ᠡᠸᠦ᠋ᠷᠦᠫᠡ ᠲᠢᠪ ᠤᠨ ᠪᠠᠯᠺᠠᠨ ᠲᠠᠯ᠎ᠠ ᠨᠤᠲᠤᠭ  ᠎ ᠲᠤ  ᠮᠥᠨ ᠯᠡ ᠳᠡᠯᠭᠡᠷᠡᠵᠦ ᠪᠠᠶᠢᠭ᠎ᠠ ᠤᠯᠠᠮᠵᠢᠯᠠᠯᠲᠤ ᠭᠠᠭᠴᠠ ᠴᠢᠪᠬᠠᠳᠠᠰᠤᠲᠤ ᠬᠥᠭᠵᠢᠮᠳᠡᠭᠦᠷ Gusle ︵ᠺᠷᠤᠲ᠋ᠢᠶ᠎ᠠ ᠬᠡᠯᠡ︶ ᠪᠣᠯᠣᠨ᠎ᠠ᠃ Gusle᠎ ᠶᠢ ᠶᠡᠷᠦ ᠳᠡᠭᠡᠨ ᠠᠷᠠᠳ ᠤᠨ ᠳᠠᠭᠤᠤ ᠪᠤᠶᠤ ᠲᠤᠤᠯᠢᠰ ᠬᠠᠪᠰᠤᠷᠤᠨ ᠬᠥᠭᠵᠢᠮᠳᠡᠬᠦ ᠳᠤ ᠬᠡᠷᠡᠭᠯᠡᠳᠡᠭ᠃ ᠬᠥᠭᠵᠢᠮᠳᠡᠬᠦ  ᠦᠶ᠎ᠡ  ᠎ ᠳᠤ᠂ ᠬᠥᠭᠵᠢᠮᠳᠡᠭᠦᠷ ᠢᠶᠠᠨ ᠬᠤᠶᠠᠷ ᠡᠪᠦᠳᠦᠭ  ᠤᠨ ᠳᠤᠮᠳᠠ ᠠᠰᠬᠠᠨ ᠬᠠᠪᠴᠢᠵᠤ᠂ ᠵᠡᠭᠦᠨ ᠭᠠᠷ  ᠤᠨ ᠬᠤᠷᠤᠭᠤ ᠪᠠᠷ ᠢᠶᠠᠨ ᠴᠢᠪᠬᠠᠳᠠᠬᠤ ᠪᠣᠯᠪᠠᠴᠤ ᠶᠠᠲᠤᠭ᠎ᠠ ᠶᠢᠨ ᠬᠥᠪᠴᠢ ᠨᠢ ᠶᠡᠷᠦ ᠠᠴᠠ ᠶᠠᠲᠤᠭ᠎ᠠ ᠶᠢᠨ  ᠬᠦᠵᠦᠭᠦᠦ ᠲᠠᠢ ᠣᠶᠢᠷᠠᠳᠳᠠᠭ ᠦᠭᠡᠢ᠃ ᠳᠡᠭᠡᠷᠡᠬᠢ 3 ᠵᠦᠢᠯ ᠤᠨ ᠭᠠᠭᠴᠠ ᠴᠢᠪᠬᠠᠳᠠᠰᠤᠲᠤ ᠬᠥᠭᠵᠢᠮᠳᠡᠭᠦᠷ ᠲᠠᠢ ᠬᠠᠮᠤᠭ ᠤᠨ ᠲᠥᠰᠥᠭᠡᠲᠡᠢ  ᠬᠥᠭᠵᠢᠮᠳᠡᠭᠦᠷ ᠪᠣᠯ Suhun khuuur (ᠰᠦᠬᠡᠨ ᠬᠤᠭᠤᠷ) ᠪᠣᠯᠣᠨ᠎ᠠ᠃ ᠡᠨᠡ ᠪᠣᠯ ᠮᠣᠩᠭᠤᠯ ᠦᠨᠳᠦᠰᠦᠲᠡᠨ ᠤ  ᠡᠷᠲᠡᠨ  ᠎ ᠤ  ᠭᠠᠭᠴᠠ ᠴᠢᠪᠬᠠᠳᠠᠰᠤᠲᠤ ᠱᠦᠷᠭᠦᠭᠦᠯ ᠬᠥᠭᠵᠢᠮᠳᠡᠭᠦᠷ ᠪᠣᠯᠣᠨ᠎ᠠ᠃ ᠲᠡᠷᠡ ᠨᠢ ᠪᠤᠬ᠎ᠠ ᠶᠢᠨ ᠰᠦᠬᠡ ( ᠪᠤᠷᠢᠶᠠᠳ  ᠨᠤᠲᠤᠭ   ᠎ ᠤᠨ  ᠠᠶᠠᠯᠭᠤ᠂ ᠳᠠᠪᠤᠰᠠᠩ ᠤᠨ ᠤᠭᠤᠲᠠ ᠭᠡᠰᠡᠨ ᠤᠳᠬ᠎ᠠ ᠲᠠᠢ)᠎ ᠪᠠᠷ ᠨᠢᠭᠤᠷ  ᠢ ᠨᠢ  ᠪᠦᠷᠢᠵᠦ᠂ ᠮᠣᠷᠢᠨ ᠰᠡᠭᠦᠯ ᠤᠨ ᠬᠢᠯᠭᠠᠰᠤ ᠎ ᠪᠠᠷ  ᠶᠠᠲᠤᠭ᠎ᠠ ᠶᠢᠨ ᠬᠥᠪᠴᠢ ᠬᠢᠵᠦ᠂ ᠬᠥᠭᠵᠢᠮᠳᠡᠬᠦ ᠳᠡᠭᠡᠨ ᠭᠠᠵᠠᠷ ᠰᠠᠭᠤᠭ᠎ᠠ ᠬᠡᠯᠪᠡᠷᠢ  ᠎ ᠪᠠᠷ  ᠬᠥᠪᠴᠢ  ᠎ ᠪᠠᠨ  ᠲᠠᠪᠤᠨ  ᠬᠤᠷᠤᠭᠤ  ᠎ ᠪᠠᠷ  ᠎ ᠢᠶᠠᠨ‌ᠴᠢᠯᠦᠭᠡᠲᠡᠢ ᠳᠠᠷᠤᠳᠠᠭ᠃           ᠮᠣᠷᠢᠨ ᠬᠤᠭᠤᠷ ᠬᠥᠭᠵᠢᠯ ᠤᠨ ᠲᠡᠦᠬᠡ ᠪᠠᠨ ᠪᠢᠴᠢᠭᠯᠡᠵᠦ᠂ ᠮᠣᠷᠢᠨ ᠬᠤᠭᠤᠷ ᠤᠨ ᠲᠠᠭᠤᠨ ᠲᠡᠦᠬᠡ ᠶᠢᠨ   ᠣᠭᠲᠠᠷᠭᠤᠢ ᠶᠢᠨ ᠴᠡᠭᠡᠯ  ᠎ ᠳᠤ  ᠴᠤᠤᠷᠢᠶᠠᠲᠤᠵᠤ᠂ ᠳᠤᠷᠠᠰᠬᠤ  ᠲᠤᠰᠤᠮ  ᠬᠥᠮᠥᠰ ᠤᠨ ᠰᠣᠨᠢᠷᠬᠠᠯ ᠢ ᠲᠠᠲᠠᠮ᠎ᠠ ᠰᠠᠶᠢᠬᠠᠨ᠃
 
ᠢᠷᠡᠯᠲᠡ᠄ ᠰᠢᠯᠢ ᠶᠢᠨ ᠭᠤᠣᠯ ᠠᠶᠢᠮᠠᠭ ᠤᠨ ᠵᠠᠬᠢᠷᠭ᠎ᠠ ᠶᠢᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号