7 ᠰᠠᠷ᠎ᠠ ᠶᠢᠨ 12 ᠤ ᠦᠳᠡ ᠶᠢᠨ ᠡᠮᠦᠨᠡᠬᠢ 10 ᠴᠠᠭ ᠲᠤ᠂ ᠠᠩᠬᠠᠳᠤᠭᠠᠷ ᠬᠤᠭᠤᠴᠠᠭᠠᠨ ᠤ ᠪᠠᠷᠠᠭᠤᠨ | ᠦᠵᠦᠮᠦᠴᠢᠨ ᠬᠤᠰᠢᠭᠤᠨ ᠤ ︽99 ᠨᠣᠮᠧᠷᠲᠤ ᠠᠶᠠᠯᠠᠯ ᠤᠨ ᠱᠤᠭᠤᠮ︾ ᠨᠡᠷᠡᠮᠵᠢᠲᠦ ᠮᠠᠷᠠᠽᠤᠨ ᠤᠷᠤᠯᠳᠤᠭᠠᠨ | ᠵᠢᠴᠢ ᠨᠠᠢᠮᠠᠳᠤᠭᠠᠷ ᠬᠤᠭᠤᠴᠠᠭᠠᠨ ᠤ ︽ᠲᠠᠯ᠎ᠠ ᠨᠤᠲᠤᠭ ᠤᠨ ᠠᠪᠤᠷᠭᠤ︾ ᠰᠢᠯᠭᠠᠷᠠᠭᠤᠯᠬᠤ ᠤᠷᠤᠯᠳᠤᠭᠠᠨ ᠤ | ᠲᠤᠭᠤᠢ ᠤᠨᠤᠬᠤ ᠪᠠ ᠶᠠᠪᠠᠭᠠᠨ ᠠᠯᠬᠤᠬᠤ ᠬᠤᠶᠠᠷ ᠲᠦᠷᠦᠯ ᠤᠨ ᠰᠢᠪᠳᠤᠯᠤᠯᠲᠠ ᠶᠢᠨ ᠤᠷᠤᠯᠳᠤᠭᠠᠨ ᠰᠤᠶᠤᠯ ᠤᠨ | ᠠᠭᠤᠳᠠᠮ ᠲᠠᠯᠠᠪᠠᠢ ᠠᠴᠠ ᠡᠬᠢᠯᠡᠪᠡ᠃ ᠡᠨᠡ ᠵᠢᠯ ᠤᠨ ᠤᠷᠤᠯᠳᠤᠭᠠᠨ ᠤ ᠠᠭᠤᠯᠭ᠎ᠠ ᠨᠢ ᠥᠩᠭᠡᠷᠡᠭᠰᠡᠨ ᠵᠢᠯ ᠤᠳ ᠤᠨ | ᠬᠢ ᠠᠴᠠ ᠨᠠᠩ ᠪᠠᠶᠠᠯᠢᠭ ᠪᠠᠶᠢᠵᠤ᠂ ᠡᠩ ᠤᠨ ᠳᠤᠭᠤᠢ ᠲᠡᠷᠭᠡᠨ ᠤ ᠤᠷᠤᠯᠳᠤᠭᠠᠨ ᠠᠴᠠ ᠭᠠᠳᠠᠨ᠎ᠠ ᠪᠠᠰᠠ | ᠭᠦᠶᠦᠯᠲᠡ ᠶᠢᠨ ᠵᠠᠮ ᠤᠨ ᠬᠡᠰᠡᠭ ᠢ ᠨᠡᠮᠡᠵᠦ᠂ ᠲᠠᠮᠢᠷᠴᠢᠳ ᠲᠤ ᠲᠠᠯ᠎ᠠ ᠨᠤᠲᠤᠭ ᠤᠨ ᠵᠢᠵᠢᠭ ᠬᠤᠲᠠ ᠶᠢᠨ ᠦᠩᠭᠡ | ᠦᠵᠡᠮᠵᠢ ᠶᠢ ᠬᠠᠷᠠᠭᠤᠯᠤᠭᠰᠠᠨ ᠪᠠᠶᠢᠨ᠎ᠠ᠃ | | ᠥᠷᠯᠥᠭᠡ ᠡᠷᠲᠡ ᠪᠦᠬᠦ ᠤᠯᠤᠰ ᠤᠨ ᠡᠯ᠎ᠡ ᠭᠠᠵᠠᠷ ᠠᠴᠠ ᠢᠷᠡᠭᠰᠡᠨ 200 ᠭᠠᠷᠤᠢ ᠲᠠᠮᠢᠷᠴᠢᠳ ᠴᠤᠭᠯᠠᠷᠠᠨ | ᠤᠷᠤᠯᠳᠤᠭᠠᠨ ᠠᠴᠠ ᠡᠮᠦᠨᠡᠬᠢ ᠪᠡᠯᠡᠳᠬᠡᠯ ᠢᠶᠠᠨ ᠬᠢᠵᠦ ᠶᠠᠭᠠᠷᠠᠯᠳᠤᠨ ᠠᠬᠤᠢ ᠲᠠᠯᠠᠪᠠᠢ ᠶᠢᠨ ᠠᠭᠤᠷ ᠠᠮᠢᠰᠬᠤᠯ ᠮᠠᠰᠢ | ᠬᠥᠭᠵᠢᠭᠡᠨ ᠲᠠᠢ ᠪᠠᠶᠢᠵᠤ᠂ ᠤᠷᠤᠯᠳᠤᠭᠠᠨ ᠡᠬᠢᠯᠡᠬᠦ ᠳᠣᠬᠢᠶᠠᠨ ᠳᠠᠭᠤᠨ ᠢᠶᠠᠷ ᠬᠤᠷᠳᠤ ᠰᠢᠯᠭᠠᠨ ᠮᠦᠷᠦᠶᠢᠴᠡᠵᠦ᠂ | ᠦᠵᠦᠮᠦᠴᠢᠨ ᠨᠤᠳᠤᠭ ᠤᠨ ᠭᠤᠶᠢᠲᠠ ᠰᠠᠶᠢᠬᠠᠨ ᠪᠠᠶᠢᠭᠠᠯᠢ ᠠᠬᠤᠢ ᠶᠢ ᠰᠤᠨᠢᠷᠬᠠᠨ᠂ ᠬᠦᠴᠦ ᠤᠶᠤᠨ ᠢᠶᠠᠨ | ᠰᠤᠷᠢᠯᠴᠠᠯᠠ᠃ | | ᠳᠤᠭᠤᠢ ᠲᠡᠷᠭᠡᠨ ᠤ ᠤᠷᠤᠯᠳᠤᠭᠠᠨ ᠤ ᠵᠠᠮ ᠲᠤᠷᠰᠢ᠂ ᠲᠠᠮᠢᠷᠴᠢᠳ ᠳᠤᠭᠤᠢ ᠪᠠᠨ ᠤᠨᠤᠵᠤ ᠴᠢᠯᠦᠭᠡᠲᠡᠢ | ᠳᠠᠪᠬᠢᠭᠤᠯᠤᠨ᠂ ᠪᠡᠶ᠎ᠡ ᠲᠠᠮᠢᠷ ᠤᠨ ᠪᠠᠶᠠᠷ ᠪᠠᠭ᠋ᠠᠳᠤᠯ ᠢ ᠡᠳ᠋ᠯᠡᠨ ᠤᠷᠤᠭᠰᠢᠯᠠᠬᠤ ᠳᠤ᠂ ᠬᠦᠶᠦᠯᠲᠡ ᠶᠢᠨ ᠵᠠᠮ ᠤᠨ | ᠬᠡᠰᠡᠭ ᠲᠤ᠂ ᠠᠯᠬᠤᠮ ᠪᠦᠷᠢ ᠳᠤ ᠦᠵᠡᠮᠵᠢ ᠰᠤᠨᠢᠷᠬᠠᠨ ᠪᠠᠭ᠋ᠠᠷᠬᠠᠵᠤ᠂ ᠬᠥᠮᠥᠨ ᠪᠣᠯᠭᠠᠨ ᠦᠵᠡᠰᠬᠦᠯᠡᠩᠲᠦ | ᠰᠠᠶᠢᠬᠠᠨ ᠲᠠᠯ᠎ᠠ ᠨᠤᠳᠤᠭ ᠤᠨ ᠵᠢᠵᠢᠭ ᠬᠤᠲᠠ ᠪᠠᠷ ᠠᠶᠠᠯᠠᠨ᠂ ᠲᠠᠮᠢᠷᠴᠢᠳ ᠪᠣᠯᠣᠨ ᠮᠠᠨ ᠤ ᠬᠤᠰᠢᠭᠤᠨ ᠤ | ᠪᠠᠶᠢᠭᠠᠯᠢ ᠶᠢᠨ ᠥᠩᠭᠡ ᠦᠵᠡᠮᠵᠢ ᠬᠠᠷᠢᠯᠴᠠᠨ ᠠᠭᠤᠰᠤᠯᠴᠠᠵᠤ᠂ ᠥᠪᠡᠷᠮᠢᠴᠡ ᠣᠨᠴᠠᠯᠢᠭ ᠲᠠᠢ ᠦᠵᠡᠮᠵᠢ ᠶᠢᠨ ᠴᠡᠭ | ᠪᠤᠯᠵᠤ ᠲᠤᠳᠤᠷᠠᠨ᠎ᠠ᠃ ᠡᠭᠦᠨ ᠤ ᠬᠠᠮᠲᠤ᠂ ᠤᠷᠤᠯᠳᠤᠭᠠᠨ ᠤ ᠵᠠᠮ ᠳᠠᠭᠠᠤ ᠤᠰᠤ ᠤᠮᠳᠠ ᠶᠢᠨ ᠥᠷᠲᠡᠭᠡ | ᠲᠣᠬᠢᠷᠠᠭᠤᠯᠵᠤ᠂ ᠤᠷᠤᠯᠳᠤᠭᠠᠨ ᠳᠤ ᠣᠷᠣᠯᠴᠠᠭᠰᠠᠳ ᠲᠤ ᠤᠰᠤ ᠤᠮᠳᠠ ᠶᠢᠨ ᠭᠦᠢᠴᠡᠳ ᠪᠠᠲᠤᠯᠠᠭ᠎ᠠ ᠬᠠᠩᠭᠠᠭᠰᠠᠨ | ᠪᠠᠶᠢᠨ᠎ᠠ᠃ | | ᠣᠶᠢᠯᠠᠭᠠᠭᠰᠠᠨ ᠢᠶᠠᠷ᠂ ᠲᠣᠰ ᠤᠳᠠᠭᠠᠨ ᠤ ᠤᠷᠤᠯᠳᠤᠭᠠᠨ ᠢ ᠪᠠᠷᠠᠭᠤᠨ ᠦᠵᠦᠮᠦᠴᠢᠨ ᠬᠤᠰᠢᠭᠤᠨ ᠤ | ᠠᠷᠠᠳ ᠤᠨ ᠵᠠᠰᠠᠭ ᠤᠨ ᠣᠷᠳᠣᠨ ᠠᠴᠠ ᠭᠤᠣᠯᠯᠠᠨ ᠡᠷᠭᠢᠯᠡᠵᠦ᠂ ᠪᠠᠷᠠᠭᠤᠨ ᠦᠵᠦᠮᠦᠴᠢᠨ ᠬᠤᠰᠢᠭᠤᠨ ᠤ ᠰᠣᠶᠣᠯ | ᠲᠠᠮᠢᠷ ᠵᠢᠭᠤᠯᠴᠢᠯᠠᠯ ᠷᠠᠳᠢᠣ᠋ ᠲᠧᠯᠸᠢᠰ ᠲᠣᠪᠴᠢᠶ᠎ᠠ᠂ ᠦᠢᠯᠡᠰ ᠵᠢᠭᠤᠯᠴᠢᠯᠠᠯ ᠤᠨ ᠠᠵᠤ ᠦᠢᠯᠡᠰ ᠤᠨ | ᠬᠦᠭᠵᠢᠬᠦᠯᠦᠯᠲᠡ ᠶᠢᠨ ᠬᠢᠵᠠᠭᠠᠷᠲᠤ ᠬᠠᠷᠢᠭᠤᠴᠠᠯᠭᠠᠲᠤ ᠺᠣᠮᠫᠠᠨᠢ ᠠᠴᠠ ᠳᠠᠭᠠᠭᠠᠴᠢᠯᠠᠨ ᠡᠷᠭᠢᠯᠡᠵᠦ᠂ ᠪᠡᠭᠡᠵᠢᠩ ᠤᠨ | ᠨᠦᠸᠧ ᠳ᠋ᠢ ᠸᠧᠢ ᠬᠠᠮᠢᠶᠠᠷᠤᠯᠲᠠ ᠶᠢᠨ ᠵᠦᠪᠯᠡᠬᠦ ᠬᠢᠵᠠᠭᠠᠷᠲᠤ ᠺᠣᠮᠫᠠᠨᠢ ᠠᠴᠠ ᠲᠠᠭᠠᠭᠠᠴᠢᠯᠠᠨ ᠶᠠᠪᠤᠭᠳᠠᠭᠤᠯᠵᠠᠢ᠃ | ᠬᠤᠷᠴᠠ ᠰᠢᠷᠦᠬᠦᠨ ᠦᠷᠢᠰᠦᠯᠳᠦᠬᠡᠨ ᠢᠶᠠᠷ ᠲᠠᠮᠵᠢᠨ᠂ ᠵᠠᠰᠠᠮᠠᠯ ᠵᠠᠮ ᠤᠨ ᠲᠤᠭᠤᠢ ᠲᠡᠷᠭᠡᠨ ᠤ ᠤᠷᠤᠯᠳᠤᠭᠠᠨ ᠤ | ᠡᠷᠡᠭᠳᠠᠢ ᠶᠢᠨ ᠲᠤᠭᠤᠶᠢᠯᠠᠩ ᠳᠤ᠄ ᠲᠠᠮᠢᠷᠴᠢᠨ ᠵᠠᠩ ᠰᠢ ᠫᠧᠩ ᠮᠠᠩᠯᠠᠶᠢᠯᠠᠵᠤ᠂ ᠲᠠᠮᠢᠷᠴᠢᠨ ᠵᠧᠩ ᠴᠠᠩ ᠯᠧᠢ᠂ | ᠲᠠᠮᠢᠷᠴᠢᠨ ᠯᠢ ᠺᠠᠢ ᠱᠠᠨ ᠲᠤᠰ ᠲᠤᠰ ᠬᠤᠶᠠᠳᠤᠭᠠᠷ ᠪᠠ ᠭᠤᠲᠠᠭᠠᠷ ᠨᠡᠷ᠎ᠡ ᠳᠤ ᠲᠤᠳᠤᠷᠠᠪᠠ᠃ | | ᠬᠡᠭᠡᠷᠡᠯᠡᠨ ᠠᠶᠠᠯᠠᠬᠤ ᠲᠤᠭᠤᠢ ᠲᠡᠷᠭᠡᠨ ᠤ ᠤᠷᠤᠯᠳᠤᠭᠠᠨ ᠤ ᠡᠷᠡᠭᠳᠠᠢ ᠶᠢᠨ ᠲᠤᠭᠤᠶᠢᠯᠠᠩ ᠳᠤ᠂ ᠲᠠᠮᠢᠷᠴᠢᠨ | ᠸᠠᠩ ᠯᠢ ᠳ᠋ᠦᠩ ᠮᠠᠩᠯᠠᠶᠢᠯᠠᠵᠤ᠂ ᠲᠠᠮᠢᠷᠴᠢᠨ ᠮᠥᠩᠬᠡᠨ᠋ᠦ᠋ᠯᠵᠡᠢ᠂ ᠲᠠᠮᠢᠷᠴᠢᠨ ᠸᠠᠩ ᠶᠥᠩ ᠫᠢᠩ ᠲᠤᠰ ᠲᠤᠰ | ᠬᠤᠶᠠᠳᠤᠭᠠᠷ ᠪᠠ ᠭᠤᠲᠠᠭᠠᠷ ᠨᠡᠷ᠎ᠡ ᠳᠤ ᠲᠤᠳᠤᠷᠠᠵᠠᠢ᠃ | ᠵᠠᠰᠠᠮᠠᠯ ᠵᠠᠮ ᠤᠨ ᠲᠤᠭᠤᠢ ᠲᠡᠷᠭᠡᠨ ᠤ ᠤᠷᠤᠯᠳᠤᠭᠠᠨ ᠤ ᠡᠮᠡᠭᠳᠠᠢ ᠶᠢᠨ ᠲᠤᠭᠤᠶᠢᠯᠠᠩ ᠳᠤ᠄ ᠲᠠᠮᠢᠷᠴᠢᠨ ᠴᠧᠨ | ᠢ ᠰᠢᠤᠸᠠᠨ ᠮᠠᠩᠯᠠᠶᠢᠯᠠᠵᠤ᠂ ᠲᠠᠮᠢᠷᠴᠢᠨ ᠯᠦ ᠹᠠᠩ ᠹᠠᠩ᠂ ᠲᠠᠮᠢᠷᠴᠢᠨ ᠪᠠᠢ ᠮᠧᠩ ᠲᠤᠰ ᠲᠤᠰ ᠬᠤᠶᠠᠳᠤᠭᠠᠷ ᠪᠠ | ᠭᠤᠲᠠᠭᠠᠷ ᠨᠡᠷ᠎ᠡ ᠳᠤ ᠲᠤᠳᠤᠷᠠᠵᠠᠢ᠃ | ᠬᠡᠭᠡᠷᠡᠯᠡᠨ ᠠᠶᠠᠯᠠᠬᠤ ᠲᠤᠭᠤᠢ ᠲᠡᠷᠭᠡᠨ ᠤ ᠤᠷᠤᠯᠳᠤᠭᠠᠨ ᠤ ᠡᠮᠡᠭᠲᠡᠢ ᠶᠢᠨ ᠲᠤᠭᠤᠶᠢᠯᠠᠩ ᠳᠤ᠂ ᠲᠠᠮᠢᠷᠴᠢᠨ ᠵᠠᠩ | ᠶᠠᠨ ᠮᠠᠩᠯᠠᠶᠢᠯᠠᠵᠤ᠂ ᠲᠠᠮᠢᠷᠴᠢᠨ ᠵᠠᠩ ᠶᠠ ᠴᠢᠶᠠᠨ᠂ ᠲᠠᠮᠢᠷᠴᠢᠨ ᠭᠤᠤ ᠰᠢᠨ ᠸᠧᠨ ᠲᠤᠰ ᠲᠤᠰ ᠬᠤᠶᠠᠳᠤᠭᠠᠷ ᠪᠠ | ᠭᠤᠲᠠᠭᠠᠷ ᠨᠡᠷ᠎ᠡ ᠳᠤ ᠲᠤᠳᠤᠷᠠᠪᠠ᠃ | ᠤᠷᠤᠯᠳᠤᠭᠠᠨ ᠳᠤ ᠣᠷᠣᠯᠴᠠᠭᠴᠢ ᠯᠢᠦ ᠴᠢᠶᠠᠩ᠄ ︽ᠪᠢ ᠴᠢᠭᠤᠯᠤᠯᠲᠤ ᠬᠠᠭᠠᠯᠭ᠎ᠠ ᠠᠴᠠ ᠢᠷᠡᠭᠰᠡᠨ᠂ | ᠳᠥᠷᠪᠡᠭᠦᠯᠡ ᠢᠷᠡᠵᠡᠢ᠃ ᠦᠨᠦᠳᠦᠷ ᠤᠨ ᠬᠤᠶᠠᠷ ᠲᠦᠷᠦᠯ ᠤᠨ ᠰᠢᠪᠲᠤᠯᠤᠯᠲᠠ ᠶᠢᠨ ᠤᠷᠤᠯᠳᠤᠭᠠᠨ ᠳᠤ | ᠣᠷᠣᠯᠴᠠᠵᠤ᠂ ᠮᠠᠷᠭᠠᠰᠢ ᠵᠠᠯᠭᠠᠭᠠᠳ ᠬᠠᠭᠠᠰ ᠮᠠᠷᠠᠽᠤᠨ᠂ ᠪᠦᠬᠦᠯᠢ ᠮᠠᠷᠠᠽᠤᠨ ᠤ ᠤᠷᠤᠯᠳᠤᠭᠠᠨ ᠳᠤ ᠤᠷᠤᠯᠴᠠᠬᠤ | ᠪᠠᠷ ᠪᠠᠶᠢᠨ᠎ᠠ᠃ ᠲᠤᠰ ᠤᠳᠠᠭᠠᠨ ᠤ ᠤᠷᠤᠯᠳᠤᠭᠠᠨ ᠤ ᠵᠣᠬᠢᠶᠠᠨ ᠪᠠᠶᠢᠭᠤᠯᠬᠤ ᠺᠣᠮᠢᠰ ᠤᠨ ᠤᠬᠠᠭᠤᠯᠭ᠎ᠠ ᠶᠢᠨ | ᠠᠭᠤᠯᠭ᠎ᠠ ᠠᠴᠠ ᠲᠠᠯ᠎ᠠ ᠨᠤᠳᠤᠭ ᠮᠠᠰᠢ ᠭᠤᠶᠤ ᠰᠠᠶᠢᠬᠠᠨ ᠭᠡᠳᠡᠭ ᠢ ᠮᠡᠳᠡᠭᠡᠳ ᠪᠠᠷᠠᠭᠤᠨ ᠦᠵᠦᠮᠦᠴᠢᠨ | ᠬᠤᠰᠢᠭᠤᠨ ᠤ 99 ᠨᠤᠮᠧᠷᠲᠦ ᠵᠠᠰᠠᠮᠠᠯ ᠵᠠᠮ ᠤᠨ ᠭᠤᠶᠤ ᠰᠠᠶᠢᠬᠠᠨ ᠢ ᠦᠵᠡᠬᠦ ᠶᠢᠨ ᠲᠠᠭᠠᠤ ᠪᠠᠷᠠᠭᠤᠨ | ᠦᠵᠦᠮᠦᠴᠢᠨ ᠬᠤᠰᠢᠭᠤᠨ ᠤ ᠬᠦᠮᠦᠨ ᠠᠷᠠᠳ᠂ ᠰᠤᠶᠤᠯ ᠢᠷᠭᠡᠨᠰᠢᠯ ᠢ ᠴᠦ ᠪᠡᠶᠡᠴᠢᠯᠡᠨ ᠤᠶᠢᠯᠠᠭᠠᠬᠤ ᠰᠠᠨᠠᠭᠠᠲᠠᠢ | ᠢᠷᠡᠭᠰᠡᠨ ᠶᠤᠮ᠃ ︾ | | |