ᠨᠦᠬᠦᠪᠦᠷᠢ ᠲᠠᠢ ᠬᠤᠷᠠᠭᠠᠨ ᠤ ᠭᠠᠷᠭᠠᠯᠲᠠ ᠡᠷᠴᠢᠮᠳᠡᠢ ᠶᠠᠪᠣᠭᠳᠠᠵᠣ ᠪᠠᠶᠢᠨ᠎ᠠ
ᠨᠡᠶᠢᠲᠡᠯᠡᠭᠰᠡᠨ ᠴᠠᠭ᠄
2024/7/10
    ᠵᠢᠯ ᠪᠦᠷᠢ ᠶᠢᠨ 6 ᠰᠠᠷ᠎ᠠ ᠶᠢᠨ 15᠎ ᠤ ᠡᠳᠦᠷ ᠪᠠᠷᠠᠭᠤᠨ ᠦᠵᠦᠮᠦᠴᠢᠨ ᠬᠤᠰᠢᠭᠤᠨ ᠤ ᠵᠠᠰᠠᠭ ᠤᠨ ᠣᠷᠳᠣᠨ ᠎ ᠠᠴᠠ ᠨᠦᠬᠦᠪᠦᠷᠢ ᠣᠯᠭᠤᠬᠤ ᠬᠡᠯᠪᠡᠷᠢ ᠶᠢᠨ ᠬᠤᠷᠠᠭᠠᠨ ᠤ ᠭᠠᠷᠭᠠᠯᠲᠠ ᠶᠢᠨ ᠠᠵᠢᠯ ᠡᠬᠢᠯᠡᠵᠦ᠂ ᠠᠷᠪᠠᠨ ᠲᠠᠪᠣᠨ ᠡᠳᠦᠷ ᠲᠤ ᠠᠳᠠᠯᠢ ᠪᠣᠰᠣ ᠬᠡᠮᠵᠢᠶᠡᠨ ᠤ ᠨᠦᠬᠦᠪᠦᠷᠢ ᠮᠥᠩᠭᠦ ᠣᠯᠭᠤᠵᠣ᠂ ᠮᠠᠯᠴᠢᠳ ᠤᠨ ᠲᠦᠯ ᠮᠠᠯ ᠢᠶᠠᠨ ᠡᠷᠳᠡ ᠭᠠᠷᠭᠠᠯᠲᠠ ᠳᠤ ᠭᠠᠷᠭᠠᠵᠣ ᠨᠣᠳᠤᠭ ᠪᠡᠯᠴᠢᠭᠡᠷ᠂ ᠬᠦᠳᠡᠯᠮᠦᠷᠢ ᠬᠦᠴᠦᠨ ᠤ ᠲᠠᠷᠣᠭᠠᠰᠣ ᠪᠠᠨ ᠬᠦᠩᠭᠡᠯᠡᠵᠦ᠂ ᠠᠰᠢᠭ ᠣᠷᠣᠯᠭ᠎ᠠ ᠪᠠᠨ ᠪᠠᠳᠣᠯᠠᠬᠤ ᠳᠤ ᠲᠦᠯᠬᠢᠴᠡ ᠦᠢᠯᠡᠳᠦᠯ ᠦᠵᠡᠭᠦᠯᠦᠭᠰᠡᠭᠡᠷ ᠢᠷᠡᠭᠰᠡᠨ ᠶᠣᠮ᠃    ᠡᠨᠡ ᠡᠳᠦᠷ ᠪᠢᠳᠡ ᠪᠠᠷᠠᠭᠤᠨ ᠦᠵᠦᠮᠦᠴᠢᠨ ᠬᠤᠰᠢᠭᠤᠨ ᠤ ᠴᠢ ᠹᠠ ᠲᠣᠭᠳᠠᠮᠠᠯ ᠴᠢᠭᠳᠦ ᠨᠢᠳᠣᠯᠭ᠎ᠠ ᠶᠢᠨ ᠬᠢᠵᠠᠭᠠᠷᠳᠣ ᠺᠣᠮᠫᠠᠨᠢ ᠳᠤ ᠬᠦᠷᠬᠦ ᠳᠤ ᠬᠤᠭᠤᠯᠠᠳᠣ ᠶᠢᠨ ᠭᠤᠣᠯ ᠪᠠᠯᠭᠠᠰᠣᠨ ᠤ ᠪᠠᠶ᠋ᠬᠠᠷᠬᠡᠳᠦ ᠭᠠᠴᠭᠠᠨ ᠤ ᠮᠠᠯᠴᠢᠨ ᠲᠦᠭᠦᠷᠡᠩ ᠨᠠᠷ ᠬᠤᠷᠠᠭ᠎ᠠ ᠪᠠᠨ ᠲᠡᠭᠡᠭᠡᠵᠦ ᠢᠷᠡᠭᠡᠳ ᠬᠦᠯᠢᠶᠡᠵᠣ ᠠᠪᠬᠤ ᠬᠠᠰᠢᠶᠠᠨ ᠳᠤ ᠪᠠᠭᠤᠯᠭᠠᠵᠣ ᠪᠠᠶᠢᠭ᠎ᠠ ᠲᠠᠢ ᠲᠠᠭᠠᠷᠠᠯᠳᠣᠯ᠎ᠠ᠃ ᠡᠳᠡᠨᠡᠶᠢᠬᠢ ᠨᠢ 6.15— 6.30 ᠬᠦᠷᠳᠡᠯᠡᠬᠢ ᠵᠢᠩ ᠪᠦᠷᠢ ᠳᠤ 5 ᠲᠦᠭᠦᠷᠢᠭ ᠤᠨ ᠨᠦᠬᠦᠪᠦᠷᠢ ᠲᠠᠢ ᠬᠤᠭᠤᠴᠠᠭᠠᠨ ᠳᠤ ᠦᠭᠭᠦ ᠪᠠᠷ ᠭᠡᠷ᠎ᠡ ᠲᠣᠭᠳᠠᠭᠰᠠᠨ ᠪᠠᠶᠢᠵᠣ᠂ ᠡᠨᠡ ᠡᠳᠦᠷ ᠲᠣᠭᠳᠠᠭᠰᠠᠨ ᠬᠤᠭᠤᠴᠠᠭᠠᠨ ᠳᠠᠭᠠᠨ ᠪᠣᠷᠣᠯᠠᠭᠤᠯᠬᠤ ᠪᠠᠷ ᠠᠪᠴᠢᠷᠠᠭᠰᠠᠨ ᠪᠠᠶᠢᠯ᠎ᠠ᠃    ᠡᠨᠡ ᠵᠢᠯ ᠪᠠᠷᠠᠭᠤᠨ ᠦᠵᠦᠮᠦᠴᠢᠨ ᠬᠤᠰᠢᠭᠤ ᠨᠢ ᠮᠦᠨ ᠮᠠᠯᠴᠢᠳ ᠤᠨ ᠮᠠᠯ ᠣᠨᠣᠭᠠᠨ ᠤ ᠭᠠᠳᠠᠭᠰᠢ ᠪᠣᠷᠣᠯᠠᠭᠤᠯᠭ᠎ᠠ᠂ ᠭᠠᠷᠭᠠᠯᠲᠠ ᠶᠢ ᠪᠠᠳᠣᠯᠠᠬᠤ ᠶᠢᠨ ᠲᠣᠰᠠᠳᠠ ᠡᠮᠦᠨᠡᠬᠢ ᠬᠤᠭᠤᠴᠠᠭᠠᠨ ᠤ ᠣᠬᠠᠭᠤᠯᠭ᠎ᠠ᠂ ᠬᠡᠷ᠎ᠡ ᠲᠣᠭᠳᠠᠬᠤ ᠠᠵᠢᠯ ᠢ ᠴᠠᠭ ᠲᠣᠬᠠᠢ ᠳᠤ ᠨᠢ ᠥᠷᠨᠢᠬᠦᠯᠵᠦ᠂ ᠮᠠᠯ ᠨᠢᠳᠣᠯᠵᠣ ᠪᠣᠷᠣᠯᠠᠭᠤᠯᠬᠤ ᠬᠦᠢᠳᠡᠨ ᠬᠦᠮᠦᠷᠭᠡ ᠲᠠᠢ ᠢᠳᠡᠪᠬᠢᠳᠡᠢ ᠬᠠᠷᠢᠯᠴᠠᠨ ᠴᠠᠭ ᠲᠣᠬᠠᠢ ᠳᠠᠭᠠᠨ ᠠᠵᠢᠯ ᠢᠶᠠᠨ ᠡᠬᠢᠯᠡᠬᠦᠯᠬᠦ ᠶᠢ ᠪᠠᠳᠣᠯᠠᠭᠰᠠᠨ ᠢᠶᠠᠷ 6 ᠰᠠᠷ᠎ᠠ ᠶᠢᠨ 15 ᠪᠣᠯᠬᠤ ᠳᠤ ᠬᠤᠰᠢᠭᠤᠨ ᠤ ᠬᠡᠪᠴᠢᠶᠠᠨ ᠳᠤ ᠨᠢᠭᠡ ᠬᠦᠢᠳᠡᠨ ᠬᠦᠮᠦᠷᠭᠡ᠂ ᠰᠢᠯᠢᠨᠬᠤᠳᠠ ᠳᠤ ᠬᠤᠶᠠᠷ ᠬᠦᠢᠳᠡᠨ ᠬᠦᠮᠦᠷᠭᠡ ᠳᠤ ᠬᠤᠷᠠᠭ᠎ᠠ ᠨᠢᠳᠣᠯᠵᠣ ᠪᠣᠷᠣᠯᠠᠭᠤᠯᠬᠤ ᠴᠡᠭ ᠪᠠᠶᠢᠬᠤ ᠶᠢ ᠪᠠᠳᠣᠯᠠᠵᠣ ᠴᠢᠳᠠᠭᠰᠠᠨ ᠪᠠᠶᠢᠨ᠎ᠠ᠃    ᠣᠶᠢᠯᠠᠭᠠᠭᠰᠠᠨ ᠢᠶᠠᠷ᠂ 6 ᠰᠠᠷ᠎ᠠ ᠶᠢᠨ 15᠎ ᠠᠴᠠ 30 ᠬᠦᠷᠳᠡᠯᠡᠬᠢ ᠵᠢᠩ ᠪᠦᠷᠢ ᠳᠤ 5 ᠲᠦᠭᠦᠷᠢᠭ ᠤᠨ ᠨᠦᠬᠦᠪᠦᠷᠢ ᠲᠠᠢ ᠬᠤᠭᠤᠴᠠᠭᠠᠨ ᠳᠤ 261 ᠡᠷᠦᠭᠡ ᠶᠢᠨ 25773 ᠬᠤᠷᠠᠭ᠎ᠠ ᠭᠠᠷᠭᠠᠯᠲᠠ ᠳᠤ ᠭᠠᠷᠣᠭᠰᠠᠨ ᠪᠦᠭᠡᠳ ᠬᠤᠰᠢᠭᠤᠨ ᠠᠴᠠ ᠪᠠᠨ ᠭᠠᠳᠠᠭᠰᠢ ᠪᠣᠷᠣᠯᠠᠭᠤᠯᠣᠭᠰᠠᠨ ᠬᠤᠷᠠᠭ᠎ᠠ ᠪᠦᠷᠢ ᠳᠤ 50 ᠲᠦᠭᠦᠷᠢᠭ ᠤᠨ ᠨᠦᠬᠦᠪᠦᠷᠢ ᠣᠯᠭᠤᠵᠣ᠂ ᠣᠳᠣᠬᠠᠨ ᠪᠣᠯᠬᠤ ᠳᠤ 259 ᠡᠷᠦᠭᠡ ᠶᠢᠨ 23703 ᠲᠣᠯᠣᠭᠠᠢ ᠬᠤᠷᠠᠭᠠᠨ ᠤ ᠭᠠᠷᠭᠠᠯᠲᠠ ᠶᠢ ᠪᠠᠳᠣᠯᠠᠭᠰᠠᠨ ᠪᠠᠶᠢᠨ᠎ᠠ᠃    ᠪᠠᠷᠠᠭᠤᠨ ᠦᠵᠦᠮᠦᠴᠢᠨ ᠬᠤᠰᠢᠭᠤᠨ ᠤ ᠴᠢ ᠹᠠ ᠲᠣᠭᠳᠠᠮᠠᠯ ᠴᠢᠭᠳᠦ ᠨᠢᠳᠣᠯᠭ᠎ᠠ ᠶᠢᠨ ᠬᠢᠵᠠᠭᠠᠷᠳᠣ ᠺᠣᠮᠫᠠᠨᠢ ᠶᠢᠨ ᠡᠵᠡᠩᠨᠡᠭᠴᠢ ᠹᠠᠨ ᠵᠦᠩ ᠱᠠᠨ᠄ ︽ᠡᠨᠡ ᠵᠢᠯ  ᠪᠢᠳᠡ ᠡᠩ ᠤᠨ ᠴᠠᠭ ᠠᠴᠠ ᠪᠠᠨ 45 ᠬᠤᠨᠤᠭ  ᠣᠷᠢᠳᠴᠢᠯᠡᠵᠦ ᠠᠵᠢᠯ ᠢᠶᠠᠨ ᠡᠬᠢᠯᠡᠭᠦᠯᠦᠭᠰᠡᠨ ᠡ᠂ ᠵᠠᠰᠠᠭ ᠤᠨ ᠣᠷᠳᠣᠨ ᠠᠴᠠ ᠮᠠᠯᠴᠢᠳ ᠤᠨ ᠮᠠᠯ ᠤᠨ ᠭᠠᠷᠭᠠᠯᠲᠠ ᠶᠢ ᠪᠠᠳᠣᠯᠠᠬᠤ ᠎ ᠶᠢᠨ ᠲᠦᠯᠦᠭᠡ ᠨᠦᠬᠦᠪᠦᠷᠢ ᠣᠯᠭᠤᠬᠤ ᠬᠠᠷᠠᠭᠠᠯᠵᠠᠯ ᠤᠨ ᠲᠦᠷᠦ ᠶᠢᠨ ᠪᠣᠳᠣᠯᠭ᠎ᠠ ᠬᠡᠷᠡᠭᠵᠢᠬᠦᠯᠵᠦ ᠪᠠᠶᠢᠨ᠎ᠠ᠂  ᠮᠠᠨ ᠎ ᠤ ᠬᠦᠢᠳᠡᠨ ᠬᠦᠮᠦᠷᠬᠡ ᠨᠢ  ᠴᠦ ᠵᠠᠰᠠᠭ ᠤᠨ ᠣᠷᠳᠣᠨ ᠤ ᠠᠵᠢᠯ ᠲᠠᠢ ᠬᠠᠮᠵᠢᠯᠴᠠᠵᠣ᠂ ᠡᠷᠳᠡ ᠠᠵᠢᠯ ᠢᠶᠠᠨ ᠡᠬᠢᠯᠡᠭᠦᠯᠦᠭᠰᠡᠨ᠃ ᠣᠣᠯ ᠳᠠᠭᠠᠨ ᠵᠢᠯ ᠳᠡᠭᠡᠨ 8 ᠰᠠᠷ᠎ᠠ ᠬᠦᠷᠦᠭᠡᠳ ᠠᠵᠢᠯ ᠢᠶᠠᠨ ᠡᠬᠢᠯᠡᠭᠦᠯᠳᠡᠭ  ︾ ᠭᠡᠯ᠎ᠡ᠃        
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠵᠠᠰᠠᠭ ᠤᠨ ᠤᠷᠳᠤᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号