ᠨᠠᠭᠠᠳᠣᠮ ᠤᠨ ᠬᠤᠶᠢᠮᠤᠷ ᠲᠠᠬᠢ ᠭᠦᠭᠵᠢᠶᠡᠨᠳᠣ ᠠᠷᠡᠯᠵᠢᠶ᠎ᠠ
ᠨᠡᠶᠢᠲᠡᠯᠡᠭᠰᠡᠨ ᠴᠠᠭ᠄
2024/7/10
     ᠦᠵᠦᠮᠦᠴᠢᠨ ᠨᠤᠳᠤᠭ ᠤᠨ ᠢᠶᠠᠨ ᠰᠣᠶᠤᠯ ᠢᠷᠬᠡᠨᠰᠢᠯ ᠤᠨ ᠭᠠᠶᠢᠬᠠᠮᠰᠢᠭ᠂ ᠪᠠᠶᠢᠭᠠᠯᠢ ᠠᠬᠤᠢ ᠶᠢᠨ ᠰᠠᠶᠢᠬᠠᠨ᠂ ᠦᠷᠨᠢᠯ ᠭᠦᠭᠵᠢᠯ ᠤᠨ ᠤᠬᠢ ᠶᠢ ᠪᠦᠬᠦ ᠤᠯᠤᠰ ᠤᠨ ᠡᠯ᠎ᠠ ᠭᠠᠵᠠᠷ ᠤᠷᠤᠨ  ᠵᠢᠴᠢ  ᠵᠢᠭᠤᠯᠴᠢᠯᠠᠭᠰᠠᠳ ᠤᠨ ᠬᠠᠷᠠᠭᠠᠨ ᠳᠤ ᠭᠦᠷᠬᠡᠨ ᠮᠠᠳᠠᠷᠡᠬᠦᠯᠦᠭᠰᠠᠨ ᠰᠢᠯᠢ ᠶᠢᠨ ᠭᠤᠣᠯ ᠤᠨ ᠮᠣᠩᠭᠤᠯ ᠮᠣᠷᠢᠨ ᠤ ᠬᠤᠯᠪᠣᠭᠠᠲᠤ ᠤᠷᠤᠯᠳᠤᠭᠠᠨ ᠶᠠᠪᠤᠭᠳᠠᠵᠦ ᠦᠩᠬᠡᠷᠡᠬᠦ ᠳᠡᠭᠡᠨ ᠭᠠᠳᠠᠭᠰᠢ ᠤᠬᠠᠭᠤᠯᠭ᠎ᠠ ᠶᠢᠨ ᠰᠠᠶᠢᠨ ᠠᠮᠵᠢᠯᠳᠠ ᠤᠯᠤᠭᠰᠠᠨ ᠮᠦᠷᠳᠠᠬᠡᠨ ᠮᠠᠯᠴᠢᠳ ᠤᠨ ᠤᠷᠤᠯᠭ᠎ᠠ ᠶᠢᠨ ᠨᠡᠮᠡᠭᠳᠠᠯ ᠳᠤ ᠰᠢᠨ᠎ᠠ  ᠲᠠᠪᠴᠠᠩ ᠬᠠᠩᠭᠠᠭᠰᠠᠨ ᠪᠠᠶᠢᠨ᠎ᠠ᠃ ᠵᠢᠷ ᠤᠨ ᠭᠤᠤᠯ ᠪᠠᠯᠭᠠᠰᠣᠨ ᠤ ᠪᠠᠶᠠᠠᠬᠤᠩᠭᠤᠷ ᠭᠠᠴᠠᠭᠠᠨ ᠤ ᠪᠢᠴᠢᠬᠠᠨ ᠦᠬᠢᠨ ᠡᠶᠠᠯᠰᠡᠭ ᠨᠠᠶᠢᠷ ᠨᠠᠭᠠᠳᠣᠮ ᠤᠨ ᠠᠷᠠᠯᠵᠢᠶᠠᠨ ᠤ ᠲᠣᠬᠢᠶᠠᠯ ᠢ ᠠᠮᠵᠢᠨ ᠰᠦ ᠲᠠᠢ ᠴᠠᠢ ᠬᠤᠳᠠᠯᠳᠤᠬᠤ ᠪᠠᠷ ᠵᠣᠷᠢᠭ ᠰᠢᠭᠤᠳᠴᠠᠢ᠃    ᠡᠶᠠᠯᠰᠡᠭ ᠨᠠᠶᠢᠷ ᠤᠨ ᠦᠷᠯᠤᠬᠡ ᠡᠷᠳᠠᠯᠠᠨ ᠪᠤᠰᠴᠦ᠂ ᠰᠠᠶᠢᠬᠠᠨ ᠰᠦ ᠲᠠᠢ ᠴᠠᠢ ᠪᠠᠨ ᠴᠢᠨᠠᠭᠠᠳ᠂ ᠬᠠᠭᠤᠷᠠᠢ ᠪᠤᠳᠠᠭ᠎ᠠ᠂ ᠬᠤᠷᠤᠳ᠂ ᠬᠠᠳᠠᠭᠠᠭᠰᠠᠨ ᠪᠣᠷᠴᠠ ᠪᠠᠨ ᠪᠠᠯᠠᠳᠬᠡᠵᠦ ᠨᠠᠶᠢᠷ ᠤᠨ ᠠᠬᠤᠢ ᠲᠠᠯᠠᠪᠤᠷ ᠢ ᠴᠢᠭᠯᠡᠨ᠂ ᠨᠢᠬᠡ ᠡᠳᠦᠷ ᠤᠨ ᠠᠵᠢᠯ  ᠢᠶᠠᠨ ᠡᠬᠢᠯᠠᠬᠦᠯᠤᠯ᠎ᠠ᠃ ᠲᠠᠭᠦᠨ ᠤ ᠡᠷᠳᠠᠯᠠᠵᠦ ᠤᠷᠤᠶᠢᠯᠠᠨ  ᠴᠢᠷᠮᠠᠶᠢᠭᠰᠠᠨ ᠤ ᠬᠠᠷᠢᠭᠤ ᠳᠤ ᠮᠠᠶᠢᠮᠠᠢ ᠨᠢ ᠲᠤᠩ ᠭᠦᠭᠵᠢᠶᠠᠨᠳᠠᠢ ᠪᠤᠯᠵᠦ᠂ ᠬᠥᠮᠥᠨ ᠣᠯᠠᠨ ᠡᠳᠦᠷ ᠲᠤ 1000 ᠭᠠᠷᠤᠢ ᠲᠥᠭᠦᠷᠢᠭ ᠤᠨ ᠴᠡᠪᠡᠷ ᠣᠷᠣᠯᠭ᠎ᠠ  ᠣᠯᠣᠭᠰᠠᠨ ᠪᠠᠶᠢᠨ᠎ᠠ᠃    ᠣᠶᠢᠷ᠎ᠠ ᠶᠢᠨ ᠡᠳᠦᠷ᠂ ᠰᠢᠯᠢ ᠶᠢᠨ ᠭᠤᠣᠯ ᠤᠨ ᠮᠣᠩᠭᠤᠯ ᠮᠣᠷᠢᠨ ᠤ ᠬᠤᠯᠪᠣᠭᠠᠲᠤ ᠤᠷᠤᠯᠳᠤᠭᠠᠨ ᠤ ᠡᠯ᠎ᠠ ᠱᠠᠳᠣᠨ ᠤ ᠤᠷᠤᠯᠳᠣᠭᠠᠨ ᠬᠦᠷ ᠬᠥᠭᠵᠢᠶᠡᠨ ᠲᠠᠢ ᠶᠠᠪᠤᠭᠳᠠᠨ᠂ ᠮᠤᠩᠭᠤᠯ ᠮᠤᠷᠢᠨ ᠤ ᠰᠢᠨᠳᠠᠰᠣ ᠰᠢᠯᠭᠠᠭᠰᠠᠨ ᠤᠷᠤᠯᠳᠣᠭᠠᠨ  ᠵᠢᠴᠢ ᠦᠵᠦᠮᠦᠴᠢᠨ ᠨᠤᠳᠤᠭ ᠤᠨ ᠦᠪᠡᠷᠮᠢᠴᠠ ᠰᠣᠶᠤᠯ ᠢᠷᠬᠡᠨᠰᠢᠯ᠂ ᠲᠠᠯ᠎ᠠ ᠨᠤᠳᠤᠭ ᠤᠨ ᠦᠩᠬᠡ ᠦᠵᠡᠮᠵᠢ ᠨᠢ ᠤᠯᠤᠰ ᠤᠨ ᠳᠣᠲᠣᠭᠠᠳᠤ ᠶᠢᠨ ᠡᠯ᠎ᠡ ᠮᠠᠳᠡᠭᠡ ᠵᠠᠭᠤᠴᠢᠯᠠᠭᠤᠷ ᠤᠨ ᠬᠠᠷᠠᠭᠠᠨ ᠳᠤ ᠭᠦᠷᠦᠭᠰᠠᠨ ᠢᠶᠠᠷ ᠪᠠᠷᠠᠬᠤ ᠦᠭᠡᠢ᠂ ᠮᠣᠷᠢᠨ ᠮᠡᠷᠭᠡᠵᠢᠯ  ᠳᠤ ᠪᠠᠭ᠋ᠠᠲᠠᠢ ᠬᠥᠮᠥᠰ ᠪᠠ ᠡᠯ᠎ᠡ ᠭᠠᠵᠠᠷ ᠤᠨ ᠵᠤᠭᠠᠴᠠᠭᠰᠠᠳ ᠤᠨ ᠠᠩᠬᠠᠷᠤᠯ ᠢ ᠲᠠᠳᠠᠵᠦ᠂ ᠪᠦᠬᠦ ᠬᠤᠰᠢᠭᠤᠨ ᠤ ᠰᠣᠶᠤᠯ ᠵᠢᠭᠤᠯᠴᠢᠯᠠᠯ ᠤᠨ ᠬᠥᠭᠵᠢᠯᠲᠡ ᠳᠤ ᠴᠣ᠋ ᠰᠢᠨ᠎ᠡ ᠠᠮᠢᠵᠢᠷᠠᠯ ᠤᠨ ᠬᠦᠴᠦᠨ ᠣᠯᠭᠤᠭᠰᠠᠨ ᠪᠠᠶᠢᠨ᠎ᠠ᠃ ᠴᠥᠭᠡᠨ ᠪᠤᠰᠤ ᠮᠠᠯᠴᠢᠳ ᠡᠨᠡᠬᠦ ᠠᠵᠠ ᠲᠣᠬᠢᠶᠠᠯ ᠢ ᠤᠷᠠᠨ ᠢᠶᠠᠷ ᠠᠰᠢᠭᠯᠠᠵᠤ᠂ ᠮᠤᠷᠢ ᠤᠨᠤᠭᠤᠯᠬᠤ᠂ ᠦᠨᠳᠣᠰᠣᠳᠠᠨ ᠤ ᠤᠨᠴᠠᠯᠢᠭᠳᠣ ᠭᠠᠷ ᠤᠷᠠᠯᠠᠯ ᠤᠨ ᠪᠦᠳᠦᠬᠡᠭᠳᠠᠬᠦᠨ ᠬᠤᠳᠠᠯᠳᠣᠬᠤ᠂ ᠴᠠᠭᠠᠨ ᠢᠳᠡᠭᠡ ᠬᠤᠳᠠᠯᠳᠣᠬᠤ ᠵᠢᠴᠢ ᠲᠠᠯ᠎ᠠ ᠨᠤᠳᠤᠭ ᠤᠨ ᠤᠨᠴᠠᠯᠢᠭᠳᠣ ᠵᠤᠭᠠᠴᠠᠯ ᠡᠷᠬᠢᠯᠠᠬᠦ ᠵᠡᠷᠬᠡ ᠪᠠᠷ ᠲᠠᠮᠵᠢᠨ᠂ ᠮᠠᠯᠵᠢᠯ ᠤᠨ ᠪᠤᠰᠣ ᠤᠷᠤᠯᠭ᠎ᠠ ᠪᠠᠨ ᠨᠡᠮᠡᠭᠳᠠᠬᠦᠯᠦᠨ᠎ᠠ᠃     ᠬᠤᠭᠤᠯᠠᠳᠣ ᠶᠢᠨ ᠭᠤᠣᠯ ᠪᠠᠯᠭᠠᠰᠤᠨ ᠤ ᠪᠠᠶ᠋ᠬᠠᠤᠨᠳᠤᠷᠬᠤ ᠭᠠᠴᠠᠭᠠᠨ ᠤ ᠮᠦᠩᠭᠦᠨᠬᠤᠸᠡᠷ ᠨᠠᠶᠢᠷ ᠤᠨ ᠵᠠᠪᠰᠢᠶᠠᠨ ᠢᠶᠠᠷ ᠭᠤᠷᠪᠠᠨ ᠮᠣᠷᠢ ᠠᠪᠴᠢᠷᠠᠨ ᠵᠤᠭᠠᠴᠠᠭᠰᠠᠳ ᠲᠤ ᠮᠣᠷᠢ ᠤᠨᠤᠭᠤᠯᠵᠦ᠂ ᠡᠯ᠎ᠠ ᠭᠠᠵᠠᠷ ᠤᠨ ᠵᠤᠭᠠᠴᠠᠭᠰᠠᠳ ᠲᠤ ᠤᠷᠤᠨ ᠨᠤᠳᠤᠭ ᠤᠨ ᠤᠨᠴᠠᠯᠢᠭᠳᠣ ᠰᠣᠶᠤᠯ ᠠᠮᠢᠳᠣᠷᠠᠯ ᠳᠤ ᠪᠠᠶᠠᠴᠢᠯᠠᠨ ᠤᠷᠤᠯᠴᠠᠬᠤ ᠲᠠᠪᠴᠠᠩ ᠬᠠᠩᠭᠠᠭᠰᠠᠨ ᠢᠶᠠᠷ ᠪᠠᠷᠠᠬᠤ ᠦᠭᠡᠢ ᠦᠪᠡᠷ ᠢᠶᠠᠨ ᠴᠤ ᠵᠤᠬᠢᠬᠤ ᠬᠡᠮᠵᠢᠶᠠᠨ ᠤ ᠤᠷᠤᠯᠭ᠎ᠠ ᠡᠬᠦᠳᠦᠭᠰᠠᠨ ᠪᠠᠶᠢᠨ᠎ᠠ᠃    ᠰᠢᠯᠢ ᠶᠢᠨ ᠭᠤᠣᠯ ᠤᠨ ᠮᠣᠩᠭᠤᠯ ᠮᠣᠷᠢᠨ ᠤ ᠬᠤᠯᠪᠣᠭᠠᠲᠤ ᠤᠷᠤᠯᠳᠤᠭᠠᠨ ᠨᠢ ᠪᠠᠷᠠᠭᠤᠨ ᠦᠵᠦᠮᠦᠴᠢᠨ ᠬᠤᠰᠢᠭᠤᠨ ᠤ  ᠣᠷᠣᠨ ᠰᠠᠭᠤᠴᠠ᠂ ᠬᠤᠭᠤᠯᠠ ᠤᠮᠳᠠ᠂ ᠠᠷᠠᠯᠵᠢᠶ᠎ᠠ ᠬᠤᠳᠠᠯᠳᠤᠭ᠎ᠠ᠂ ᠵᠠᠮ ᠬᠠᠷᠢᠯᠴᠠᠭ᠎ᠠ ᠪᠠ ᠵᠤᠭ᠎ᠠ ᠴᠡᠩᠭᠡᠯ ᠵᠡᠷᠭᠡ ᠠᠵᠤ ᠦᠢᠯᠡᠰ ᠤᠨ ᠰᠢᠨ᠎ᠠ ᠠᠬᠢᠯᠳᠠ ᠶᠢ ᠲᠠᠶᠢᠴᠢᠯᠠᠨ᠂ ᠮᠤᠷᠢᠨ ᠤ ᠡᠳ᠋ᠯᠡᠯ ᠬᠡᠷᠡᠭᠰᠡᠯ᠂ ᠳᠤᠷᠠᠰᠬᠠᠯ ᠤᠨ ᠪᠣᠳᠠᠰ ᠵᠢᠴᠢ ᠴᠡᠭᠡ᠂ ᠴᠠᠭᠠᠨ ᠢᠳᠡᠭᠡ ᠵᠡᠷᠭᠡ  ᠤᠷᠤᠨ ᠨᠤᠳᠤᠭ ᠤᠨ ᠤᠨᠴᠠᠯᠢᠭᠳᠣ ᠪᠤᠳᠠᠰ ᠤᠨ ᠪᠣᠷᠤᠯᠠᠭᠤᠯᠭ᠎ᠠ ᠶᠢ ᠬᠥᠭᠵᠢᠶᠡᠨᠲᠡᠢ ᠪᠤᠯᠭᠠᠵᠦ᠂ ᠮᠠᠯᠴᠢᠳ ᠲᠤ ᠠᠵᠢᠯ ᠣᠯᠬᠤ ᠲᠣᠬᠢᠶᠠᠯ ᠪᠠ ᠣᠷᠣᠯᠭ᠎ᠠ ᠪᠠᠨ ᠨᠡᠮᠡᠭᠳᠡᠭᠦᠯᠬᠦ ᠠᠷᠭ᠎ᠠ ᠵᠠᠮ ᠢ ᠣᠯᠭᠤᠵᠠᠢ᠃
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠵᠠᠰᠠᠭ ᠤᠨ ᠤᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号