ᠪᠠᠷᠠᠭᠤᠨ ᠦᠵᠦᠮᠦᠴᠢᠨ ᠬᠤᠰᠢᠭᠤᠨ ᠤ ᠭᠤᠷᠣᠬᠠᠨ ᠪᠠᠯᠭᠠᠰᠤᠨ ᠤ ᠤᠩᠭᠤᠨ ᠭᠠᠴᠠᠭᠠᠨ ᠤ ᠮᠠᠯᠴᠢᠨ ᠴᠤᠭᠲᠤ ᠶᠢᠨ | ᠬᠢ ᠢᠨᠵᠠᠭᠠᠨ ᠭᠤᠣᠯ ᠦᠯ ᠪᠠᠷᠠᠭᠤᠨ ᠳᠡᠨᠵᠢ ᠪᠠᠷ ᠰᠠᠭᠤᠷᠢᠰᠢᠵᠤ᠂ ᠨᠤᠲᠤᠭ ᠪᠠᠯᠴᠢᠬᠡᠷ ᠲᠡᠭᠡᠨ ᠵᠣᠬᠢᠴᠠᠭᠤᠯᠤᠨ 50 | ᠭᠠᠷᠤᠢ ᠠᠳᠤᠭᠤ ᠮᠠᠯᠵᠢᠵᠤ ᠪᠠᠶᠢᠳᠠᠭ᠃ ︽99 ᠨᠣᠮᠧᠷᠲᠤ ᠵᠠᠰᠠᠮᠠᠯ ᠵᠠᠮ︾ ᠠᠴᠠ ᠣᠶᠢᠷᠠᠬᠠᠨ ᠪᠠᠶᠢᠳᠠᠭ ᠳᠠᠪᠠᠭᠤᠯᠢᠭ | ᠲᠠᠯ᠎ᠠ ᠪᠠᠨ ᠠᠰᠢᠭᠯᠠᠨ᠂ ᠴᠣᠭᠲᠤ ᠭᠡᠷᠭᠡᠢ ᠬᠠᠰᠲᠤᠶᠠᠭ᠎ᠠ ᠲᠠᠢ ᠪᠠᠨ ᠬᠤᠶᠠᠭᠤᠯᠠ ᠠᠳᠤᠭᠤ ᠮᠠᠯ ᠤᠨ ᠢᠶᠠᠨ ᠠᠰᠢᠭ ᠰᠢᠮ᠎ᠠ | ᠪᠠᠷ ᠪᠠᠭ᠎ᠠ ᠴᠤ ᠭᠡᠰᠡᠨ ᠣᠷᠣᠯᠭ᠎ᠠ ᠡᠭᠦᠳᠬᠦ ᠰᠠᠨᠠᠭ᠎ᠠ ᠲᠦᠷᠦᠭᠳᠡᠵᠦ᠂ 2024 ᠣᠨ ᠤ 6 ᠰᠠᠷ᠎ᠠ ᠶᠢᠨ ᠰᠢᠨᠡᠳ ᠠᠴᠠ | ᠡᠬᠢᠯᠡᠨ ᠠᠷᠪᠠᠭᠠᠳ ᠬᠡᠭᠦᠦ ᠰᠠᠭᠠᠵᠤ᠂ ᠤᠯᠠᠮᠵᠢᠯᠠᠯᠳᠤ ᠠᠷᠭ᠎ᠠ ᠪᠠᠷ ᠪᠣᠯᠪᠠᠰᠤᠷᠠᠭᠤᠯᠤᠭᠰᠠᠨ ᠴᠣᠯ ᠪᠠᠶᠢᠭᠠᠯᠢᠯᠠᠭ ᠴᠡᠭᠡ ᠪᠠᠨ | ᠳᠤᠷᠰᠢᠨ ᠪᠣᠷᠤᠯᠠᠭᠤᠯᠵᠤ ᠡᠬᠢᠯᠡᠭᠰᠡᠨ ᠪᠠᠶᠢᠨ᠎ᠠ᠃ | ᠴᠡᠭᠡ ᠨᠢ ᠵᠣᠴᠢᠨ ᠳᠠᠶᠢᠯᠠᠬᠤ ᠰᠠᠶᠢᠬᠠᠨ ᠤᠮᠳᠠᠭᠠᠨ ᠮᠥᠷᠲᠡᠭᠡᠨ ᠬᠥᠮᠥᠨ ᠤ ᠪᠠᠶ᠎ᠡ ᠶᠢᠨ ᠡᠷᠡᠭᠦᠯ ᠮᠡᠨᠳᠤ ᠳᠤ ᠣᠨᠴᠡ | ᠲᠤᠰᠡᠲᠡᠢ ᠪᠠᠶᠢᠳᠠᠭ᠃ ᠵᠤᠨ ᠤ ᠲᠡᠯᠭᠡᠷ ᠴᠠᠭ ᠢᠶᠠᠷ ᠣᠪᠣᠭᠠᠨ ᠲᠠᠬᠢᠯᠭ᠎ᠠ ᠵᠡᠷᠭᠡ ᠡᠯ᠎ᠡ ᠲᠦᠷᠦᠯ ᠤᠨ ᠨᠠᠶᠢᠷ ᠣᠯᠠᠨ ᠪᠠᠶᠢᠳᠠᠭ | ᠮᠥᠷᠲᠡᠭᠡᠨ ᠬᠥᠳᠡᠭᠡ ᠶᠢᠨ ᠨᠠᠶᠢᠷ ᠨᠠᠭᠠᠳᠦᠮ ᠨᠢ ᠮᠠᠯᠴᠢᠳ ᠤᠨ ᠪᠦᠳᠦᠭᠡᠭᠳᠡᠭᠦᠨ ᠢᠶᠠᠨ ᠪᠣᠷᠣᠯᠠᠭᠤᠯᠬᠤ ᠰᠠᠶᠢᠬᠠᠨ ᠲᠣᠬᠢᠶᠠᠯ | ᠪᠣᠯᠳᠠᠭ᠃ ᠡᠨᠡᠬᠦ ᠳᠣᠬᠢᠶᠠᠯ ᠢᠶᠠᠷ ᠴᠤᠭᠲᠤ᠂ ᠬᠠᠰᠳᠤᠶᠠᠭ᠎ᠠ ᠬᠤᠶᠠᠷ ︽ᠶᠠᠭᠤ ᠨᠢᠭᠡ ᠶᠢ ᠬᠢᠬᠦ︾ ᠭᠡᠰᠡᠨ ᠵᠣᠷᠢᠯᠭ᠎ᠠ ᠳᠠᠭᠠᠨ | ᠤᠷᠮᠠᠰᠢᠨ᠂ ᠣᠶᠢᠷ᠎ᠠ ᠣᠷᠴᠢᠮ ᠤᠨ ᠣᠪᠣᠭᠠᠨ ᠨᠠᠶᠢᠷ ᠪᠣᠯᠣᠨ ᠸᠢᠴᠡᠲ ᠬᠤᠯᠪᠤᠭ᠎ᠠ ᠪᠠᠷ ᠴᠡᠭᠡ ᠬᠤᠲᠠᠯᠳᠣᠬᠤ ᠪᠣᠯᠵᠤ᠂ | ᠨᠢᠭᠡ ᠰᠠᠷ᠎ᠠ ᠶᠢᠨ ᠳᠣᠲᠣᠷ᠎ᠠ ᠳᠦᠮᠡᠨ ᠲᠦᠭᠦᠷᠢᠭ ᠤᠨ ᠴᠡᠭᠡ ᠪᠣᠷᠣᠯᠠᠭᠤᠯᠵᠠᠢ᠃ ᠬᠤᠯᠠ ᠣᠶᠢᠷ᠎ᠠ ᠶᠢᠨ ᠮᠠᠯᠴᠢᠳ ᠨᠢ ᠴᠤ | ᠬᠢᠮᠲᠡ ᠮᠥᠷᠲᠡᠭᠡᠨ ᠴᠡᠪᠡᠷ ᠰᠠᠶᠢᠨ ᠴᠡᠭᠡ ᠵᠠᠬᠢᠶᠡᠯᠡᠵᠤ ᠤᠤᠭᠤᠬᠤ ᠪᠣᠯᠤᠭᠰᠠᠨ ᠢᠶᠠᠷ ᠲᠡᠳᠡᠨ ᠤ ᠬᠢᠵᠦ ᠪᠦᠲᠦᠭᠡᠶ᠎ᠡ ᠭᠡᠰᠡᠨ | ᠢᠳᠡᠪᠬᠢᠲᠡᠢ ᠠᠵᠢᠯᠯᠠᠭ᠎ᠠ ᠶᠢ ᠨᠢ ᠵᠣᠷᠢᠭᠵᠢᠭᠤᠯᠵᠤ᠂ ᠤᠷᠮ᠎ᠠ ᠵᠣᠷᠢᠭ ᠢ ᠨᠢ ᠬᠥᠪᠴᠢᠯᠡᠪᠡ᠃ |