ᠴᠤᠪᠤᠵᠤ ᠶᠠᠪᠤᠭᠰᠠᠨ ᠪᠠᠷᠰ ᠠᠴᠠ ᠴᠤᠭᠯᠠᠵᠤ ᠰᠠᠭᠤᠭᠰᠠᠨ ᠱᠠᠭᠠᠵᠠᠭᠠᠢ
ᠨᠡᠶᠢᠲᠡᠯᠡᠭᠰᠡᠨ ᠴᠠᠭ᠄
2024/6/5
     ᠮᠠᠨ ᠤ ᠮᠣᠩᠭᠤᠯ ᠤᠨ ᠵᠦᠢᠷ ᠰᠡᠴᠡᠨ ᠦᠭᠡᠨ ᠳᠤ ︽ᠴᠤᠪᠤᠵᠤ ᠶᠠᠪᠤᠭᠰᠠᠨ ᠪᠠᠷᠰ ᠠᠴᠠ ᠴᠤᠭᠯᠠᠵᠤ ᠰᠠᠭᠤᠭᠰᠠᠨ ᠱᠠᠭᠠᠵᠠᠭᠠᠢ ᠳᠡᠭᠡᠷ᠎ᠡ︾ ᠬᠡᠳᠡᠭ ᠦᠭᠡ ᠪᠠᠶᠢᠳᠠᠭ᠃ ᠡᠭᠦᠨ ᠳᠤ ᠮᠠᠰᠢ ᠭᠦᠨ ᠭᠦᠨᠵᠡᠭᠡᠢ ᠤᠴᠢᠷ ᠶᠣᠰᠣ ᠠᠭᠤᠯᠣᠠᠭᠳᠠᠵᠤ ᠪᠠᠶᠢᠭ᠎ᠠ ᠶᠢ ᠮᠡᠳᠡᠭᠦᠰᠢᠲᠡᠢ᠃ ᠵᠥᠭᠡᠯᠡᠨ ᠨᠢ ᠬᠠᠲᠠᠭᠤ ᠪᠠᠨ ᠢᠳᠡᠳᠡᠭ᠂ ᠤᠯᠠᠨ ᠤ ᠬᠦᠴᠦᠨ ᠳᠤ ᠠᠭᠤᠯᠠ ᠨᠡᠭᠦᠳᠡᠭ᠂ ᠳᠠᠭᠤ ᠨᠢᠭᠡᠳᠪᠡᠯ ᠬᠦᠴᠦ ᠨᠢᠭᠡᠳᠳᠡᠭ ᠤᠨ ᠪᠠᠲᠤᠶᠣᠰᠤ ᠶᠢ ᠵᠢᠭᠠᠵᠤ ᠥᠭᠴᠡᠢ᠃          ᠪᠠᠷᠰ ᠪᠣᠯ ᠠᠷᠢᠶᠠᠲᠠᠨ ᠤ ᠨᠢᠭᠡᠨ ᠲᠣᠮᠣ ᠬᠦᠴᠦᠷᠬᠡᠭ᠂ ᠣᠮᠤᠭ ᠵᠣᠷᠢᠭ ᠲᠡᠭᠦᠯᠳᠡᠷ᠂ ᠬᠦᠴᠦᠨ ᠴᠢᠳᠠᠯ ᠶᠡᠭᠡ᠂ ᠬᠠᠯᠳᠠᠭᠰᠠᠨ ᠲᠠᠭᠠᠷᠠᠭᠰᠠᠨ ᠪᠦᠬᠦᠨ ᠢᠶᠠᠨ ᠨᠢᠴᠠ ᠬᠡᠮᠬᠡ ᠳᠠᠭᠠᠷᠢᠳᠠᠭ᠂ ᠪᠠᠶᠢᠭᠠᠯᠢ ᠣᠷᠴᠢᠨ ᠳᠤ ᠲᠡᠭᠦᠨ ᠲᠠᠢ ᠲᠡᠩᠴᠡᠯᠳᠦᠬᠦ ᠠᠮᠢᠲᠠᠨ ᠮᠠᠰᠢ ᠴᠥᠭᠡᠨ ᠪᠣᠯᠬᠤᠷ ᠠᠶᠤᠵᠤ ᠰᠣᠴᠢᠬᠤ ᠶᠠᠭᠤᠮ᠎ᠠ ᠪᠠᠷᠤᠭ ᠪᠠᠶᠢᠳᠠᠭ ᠦᠭᠡᠢ᠃         ᠱᠠᠭᠠᠵᠠᠭᠠᠢ ᠪᠣᠯ ᠵᠢᠭᠦᠷᠲᠡᠨ᠂ ᠵᠦᠪᠬᠡᠨ ᠨᠢᠰᠴᠦ ᠴᠢᠳᠠᠬᠤ ᠠᠪᠢᠶᠠᠰ ᠴᠢᠳᠠᠪᠤᠷᠢ ᠪᠠᠶᠢᠬᠤ ᠠᠴᠠ ᠥᠭᠡᠷ᠎ᠡ ᠶᠠᠮᠠᠷᠴᠤ ᠴᠢᠳᠠᠯ ᠲᠡᠩᠬᠡᠭᠡ ᠪᠠᠶᠢᠬᠤ ᠦᠭᠡᠢ᠂ ᠴᠤᠭᠯᠠᠷᠠᠵᠤ ᠰᠠᠭᠤᠭᠠᠳ ᠱᠠᠭᠰᠢᠯᠳᠤᠳᠠᠭ᠂ ᠬᠥᠮᠥᠨ ᠲᠥᠷᠥᠯᠬᠢᠲᠡᠨ ᠲᠠᠢ ᠮᠠᠰᠢ ᠣᠶᠢᠷ᠎ᠠ ᠳᠣᠲᠣᠨᠣ ᠪᠠᠶᠢᠳᠠᠭ᠃ ᠲᠡᠬᠡᠬᠦ ᠳᠤ ᠪᠠᠨ ᠬᠥᠮᠥᠨ ᠤ ᠬᠠᠶᠠᠵᠤ ᠬᠡᠬᠡᠭᠰᠡᠨ ᠠᠯᠲᠠ᠂ ᠮᠥᠩᠭᠦ᠂ ᠱᠢᠷᠦ᠂ ᠰᠤᠪᠤᠳ ᠵᠠᠰᠠᠯ ᠵᠢᠮᠰᠡᠭ ᠤᠨ ᠵᠦᠢᠯᠡᠰ ᠠᠴᠠ ᠡᠬᠢᠯᠡᠭᠡᠳ ᠲᠡᠪᠡᠨᠡ ᠵᠡᠭᠦᠦ᠂ ᠲᠡᠮᠦᠷ ᠤᠲᠠᠰᠤ ᠵᠡᠷᠭᠡ ᠶᠠᠭᠤᠮᠠᠰ ᠢ ᠵᠥᠭᠡᠭᠡᠵᠦ ᠠᠪᠠᠴᠢᠭᠠᠳ ᠡᠭᠦᠷ ᠢᠶᠠᠨ ᠪᠠᠷᠢᠴᠢᠬᠠᠳᠠᠭ᠃ ᠲᠡᠳᠡᠨ ᠤ ᠬᠠᠮᠤᠭ ᠤᠨ ᠳᠤᠪᠤᠶᠢᠭᠰᠠᠨ ᠣᠨᠴᠠᠯᠢᠭ ᠨᠢ ᠨᠡᠶᠢᠲᠡ ᠤᠯᠠᠨ ᠢᠶᠠᠷ ᠢᠶᠠᠨ ᠴᠤᠭᠯᠠᠷᠠᠵᠤ᠂ ᠤᠬᠠᠭᠠᠨ ᠴᠢᠳᠠᠯ ᠢᠶᠠᠨ ᠨᠢᠭᠡᠳᠬᠡᠨ᠂ ᠵᠣᠪᠠᠯ ᠵᠦᠳᠡᠷᠡᠯ ᠢᠶᠠᠨ ᠬᠠᠮᠲᠤᠳᠬᠠᠵᠤ᠂ ᠡᠶ᠎ᠡ ᠡᠪᠲᠡᠢ ᠠᠵᠤ ᠲᠦᠷᠦᠨ ᠠᠮᠢᠳᠤᠷᠠᠳᠠᠭ ᠠᠴᠠ ᠣᠷᠣᠰᠢᠨ ᠲᠣᠭᠲᠠᠨᠢᠬᠤ ᠶᠢᠨ ᠤᠳᠬ᠎ᠠ ᠨᠢ ᠡᠶ᠎ᠡ ᠡᠪ ᠪᠠᠶᠢᠳᠠᠭ᠃ ᠬᠡᠵᠢᠶᠡᠳᠡ ᠤᠯᠠᠨ ᠢᠶᠠᠷ ᠢᠶᠠᠨ ᠴᠤᠭᠯᠠᠷᠠᠵᠤ ᠰᠠᠭᠤᠳᠠᠭ ᠢᠶᠠᠷ ᠰᠤᠨᠤᠰᠬᠤ ᠵᠦᠢᠯ᠂ ᠦᠵᠡᠬᠦ ᠶᠠᠭᠤᠮ᠎ᠠ ᠬᠠᠷᠢᠴᠠᠩᠭᠤᠢ ᠠᠷᠪᠢᠨ ᠮᠥᠷᠲᠡᠭᠡᠨ ᠬᠠᠮᠤᠭ ᠤᠨ ᠴᠢᠬᠤᠯᠠ ᠵᠦᠢᠯ ᠨᠢ ᠶᠠᠮᠠᠷᠪᠠ ᠨᠢᠭᠡᠨ ᠲᠣᠮᠣ ᠶᠠᠪᠤᠳᠠᠯ ᠪᠤᠶᠤ ᠭᠡᠨᠡᠳᠲᠡ ᠶᠢᠨ ᠠᠶᠤᠯ ᠲᠦᠭᠰᠢᠭᠦᠷᠢ᠂ ᠬᠦᠴᠢᠷ ᠪᠡᠷᠬᠡᠰᠢᠶᠡᠯ ᠲᠤᠯᠭᠠᠷᠠᠭᠰᠠᠨ ᠦᠶ᠎ᠡ ᠳᠤ ᠨᠡᠶᠢᠲᠡ ᠤᠯᠠᠨ ᠢᠶᠠᠷ ᠢᠶᠠᠨ ᠬᠥᠳᠡᠯᠦᠯᠴᠡᠵᠦ᠂ ᠬᠠᠮᠵᠢᠯᠴᠠᠵᠤ ᠪᠠᠶᠢᠭᠠᠳ ᠠᠷᠭᠠᠴᠠᠭᠠᠳᠠᠭ ᠪᠠᠶᠢᠨ᠎ᠠ᠃ ᠲᠡᠶᠢᠮᠦ ᠪᠣᠯᠬᠤᠷ ᠴᠤᠪᠤᠵᠤ ᠶᠠᠪᠤᠭᠰᠠᠨ ︽ᠪᠠᠷᠰ︾ ᠠᠴᠠ ᠳᠠᠪᠠᠳᠠᠭ ᠠᠵᠢ᠃          ᠱᠠᠭᠠᠵᠠᠭᠠᠢ ᠶᠢᠨ ᠬᠠᠯᠠᠭᠤᠨ ᠪᠦᠯᠢ ᠪᠠᠷ ᠢᠶᠠᠨ ︽ᠴᠤᠭᠯᠠᠷᠠᠵᠤ ᠶᠠᠪᠤᠳᠠᠭ︾᠂ ᠡᠶ᠎ᠡ ᠡᠪᠲᠡᠢ ᠬᠠᠷᠢᠯᠴᠠᠳᠠᠭ ᠵᠣᠷᠢᠭ ᠰᠠᠨᠠᠭ᠎ᠠ ᠪᠢᠳᠡᠨ ᠳᠤ ᠶᠠᠭᠤ ᠨᠢᠭᠡ ᠶᠢ ᠬᠡᠯᠡᠬᠦ‍ ᠰᠢᠭ ᠰᠠᠨᠠᠭᠳᠠᠬᠤ ᠶᠤᠮ᠃ ᠪᠢᠳᠡᠨ ᠤ ᠤᠶᠤᠨ ᠤᠬᠠᠭᠠᠨ᠂ ᠮᠡᠷᠭᠡᠵᠢᠯ ᠴᠢᠳᠠᠪᠤᠷᠢ ᠳᠡᠭᠡᠳᠦ ᠬᠡᠮᠵᠢᠶ᠎ᠡ ᠪᠠᠷ ᠬᠥᠭᠵᠢᠭᠰᠡᠨ ᠬᠡᠳᠡᠭ ᠴᠦ ᠪᠠᠷᠰ ᠮᠡᠲᠦ ᠭᠠᠭᠴᠠ ᠬᠤᠶᠠᠷ ᠢᠶᠠᠷ ᠢᠶᠠᠨ ︽ᠴᠤᠪᠤᠵᠤ ᠶᠠᠪᠤᠬᠤ︾ ᠳᠤ ᠬᠥᠷᠪᠡᠯ᠂ ᠶᠠᠮᠠᠷ ᠴᠦ ᠠᠵᠢᠯ ᠶᠠᠪᠤᠳᠠᠯ ᠬᠢᠵᠦ ᠳᠡᠶᠢᠯᠬᠦ ᠦᠭᠡᠢ᠂ ᠶᠠᠮᠠᠷ ᠴᠦ ᠶᠠᠭᠤᠮ᠎ᠠ ᠪᠦᠲᠦᠭᠡᠵᠦ ᠴᠢᠳᠠᠬᠤ ᠦᠭᠡᠢ᠃ ᠶᠠᠳᠠᠬᠤ ᠳᠤ ︽ᠴᠤᠭᠯᠠᠷᠠᠵᠤ ᠰᠠᠭᠤᠳᠠᠭ ᠱᠠᠭᠠᠵᠠᠭᠠᠢ︾ ᠶᠢ ᠴᠦ ᠬᠦᠷᠬᠦ ᠦᠭᠡᠢ ᠪᠣᠯᠵᠤ ᠮᠡᠳᠡᠨ᠎ᠡ᠃ ︽ᠭᠠᠭᠴᠠ ᠬᠥᠮᠥᠨ ᠠᠶᠢᠯ ᠪᠤᠯᠳᠠᠭ ᠦᠭᠡᠢ᠂ ᠭᠠᠭᠴᠠ ᠮᠣᠳᠣ ᠭᠠᠯ ᠪᠤᠯᠳᠠᠭ ᠦᠭᠡᠢ︾ ᠬᠡᠳᠡᠭ ᠢᠶᠠᠷ ᠬᠠᠨᠢ ᠨᠥᠬᠦᠷ ᠦᠭᠡᠢ ᠪᠣᠯ ᠭᠠᠭᠴᠠᠭᠠᠷᠳᠠᠨ᠎ᠠ᠂ ᠪᠦᠯᠬᠦᠮᠳᠡᠯ ᠨᠢᠭᠲᠠᠷᠠᠯ ᠦᠭᠡᠢ ᠪᠣᠯ ᠰᠠᠷᠨᠢᠵᠤ ᠪᠤᠲᠠᠷᠠᠨ᠎ᠠ ᠬᠡᠳᠡᠭ ᠢ ᠲᠣᠳᠣᠷᠬᠠᠢ ᠣᠶᠢᠯᠠᠭᠠᠬᠤ ᠴᠢᠬᠤᠯᠠᠲᠠᠢ ᠪᠠᠶᠢᠨ᠎ᠠ᠃  
 
ᠢᠷᠡᠯᠲᠡ᠄ ᠰᠢᠯᠢ ᠶᠢᠨ ᠭᠣᠣᠯ ᠠᠢᠮᠠᠭ ᠤᠨ ᠵᠠᠬᠢᠷᠭ᠎ᠠ ᠶᠢᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号