ᠮᠠᠯᠴᠢᠨ ᠠᠯᠲᠠᠨᠪᠠᠭᠠᠲᠤᠷ ᠤᠨ ᠵᠠᠭᠤᠨ ᠲᠡᠮᠡᠭᠡᠨ ᠤ  ᠮᠢᠯᠢᠶᠠᠯᠭ᠎ᠠ ᠶᠢᠨ ᠨᠠᠶᠢᠷ ᠨᠢᠵᠢᠭᠡᠷ ᠶᠠᠪᠤᠭᠳᠠᠯ᠎ᠠ
ᠨᠡᠶᠢᠲᠡᠯᠡᠭᠰᠡᠨ ᠴᠠᠭ᠄
2024/6/19
                                       
    ᠬᠤᠷ᠎ᠠ ᠪᠤᠷᠤᠭᠠᠨ ᠳᠡᠭᠰᠢᠷᠡᠭᠰᠡᠨ ᠳᠡᠯᠭᠡᠷ ᠰᠠᠶᠢᠬᠠᠨ ᠵᠣᠨ ᠤ 6 ᠰᠠᠷ᠎ᠠ ᠶᠢᠨ 16 ᠤ ᠡᠳᠦᠷ᠂ ᠪᠠᠷᠠᠭᠤᠨ ᠦᠵᠦᠮᠦᠴᠢᠨ ᠬᠤᠰᠢᠭᠤᠨ ᠤ ᠬᠤᠭᠤᠯᠠᠲᠤ ᠶᠢᠨ ᠭᠤᠣᠯ ᠪᠠᠯᠭᠠᠰᠤᠨ ᠤ ᠤᠷᠲᠤ ᠶᠢᠨ ᠭᠤᠣᠯ ᠭᠠᠴᠠᠭᠠᠨ ᠤ ᠮᠠᠯᠴᠢᠨ ᠠᠯᠲᠠᠨᠪᠠᠭᠠᠲᠣᠷ ᠤᠨ ᠡᠷᠬᠢᠯᠡᠭᠰᠡᠨ ︽ᠥᠭᠭᠢᠶᠡᠮᠦᠷ ᠰᠠᠶᠢᠬᠠᠨ ᠤᠷᠲᠤ ᠶᠢᠨ ᠭᠤᠣᠯ︾ ᠵᠠᠭᠤᠨ ᠲᠡᠮᠡᠭᠡᠨ ᠤ ᠮᠢᠯᠢᠶᠠᠯᠭ᠎ᠠ ᠶᠢᠨ ᠨᠠᠶᠢᠷ ᠥᠪᠡᠳᠡᠭᠰᠢ ᠰᠠᠶᠢᠬᠠᠨ ᠶᠠᠪᠤᠭᠳᠠᠵᠤ᠂ ᠡᠯ᠎ᠡ ᠭᠠᠵᠠᠷ ᠤᠨ ᠵᠢᠭᠤᠯᠴᠢᠯᠠᠭᠰᠠᠳ᠂ ᠮᠡᠳᠡᠭᠡ ᠵᠠᠭᠤᠴᠢᠯᠠᠭᠤᠷ ᠤᠨ ᠬᠢᠨ ᠪᠣᠯᠣᠨ ᠬᠤᠯᠠ ᠣᠶᠢᠷ᠎ᠠ ᠶᠢᠨ ᠮᠠᠯᠴᠢᠨ ᠲᠥᠮᠡᠨ ᠬᠦᠷᠦᠯᠴᠡᠨ ᠢᠷᠡᠵᠦ ᠨᠠᠶᠢᠷ ᠲᠤ ᠪᠠᠶᠠᠷ ᠨᠡᠮᠡᠯ᠎ᠡ  ᠃
    ᠥᠨᠦᠴᠢᠨ ᠬᠡᠳᠦᠨ ᠪᠤᠳᠤᠭᠤᠨ ᠠᠴᠠ ᠥᠨᠢᠷ ᠥᠰᠦᠭᠰᠡᠨ ᠲᠡᠮᠡᠭᠡᠨ ᠰᠦᠷᠦᠭ ᠡᠯᠡᠰᠦ ᠮᠠᠩᠬᠠᠨ ᠳᠠᠭᠠᠨ ᠪᠡᠯᠴᠢᠵᠦ᠂ ᠦᠵᠡᠭᠰᠡᠨ ᠪᠦᠬᠦᠨ ᠤ ᠬᠠᠷᠠᠭ᠎ᠠ ᠶᠢ ᠪᠠᠶᠠᠰᠬᠠᠬᠤ ᠳᠤ ᠨᠢᠭᠡ ᠠᠴᠠ ᠵᠠᠭᠤ ᠪᠣᠯᠭᠠᠬᠤ ᠭᠡᠵᠦ ᠡᠷᠲᠡᠯᠡᠵᠦ ᠣᠷᠣᠶᠢᠯᠠᠵᠤ ᠣᠶᠢᠭ᠎ᠠ ᠦᠭᠡᠢ ᠬᠥᠳᠡᠯᠮᠦᠷᠢᠯᠡᠭᠰᠡᠨ ᠮᠠᠯᠴᠢ ᠡᠵᠡᠨ ᠠᠯᠲᠠᠨᠪᠠᠭᠠᠲᠤᠷ ᠤᠨ ᠬᠥᠳᠡᠯᠮᠦᠷᠢ ᠵᠢᠳᠭᠦᠯ ᠨᠢ ᠥᠷᠭᠡᠨ ᠲᠦᠮᠡᠨ ᠳᠡᠭᠡᠨ ᠮᠠᠭᠲᠠᠭᠳᠠᠨ᠎ᠠ  ᠃
     ᠲᠠᠯ᠎ᠠ ᠬᠠᠩᠭᠠᠢ ᠶᠢ ᠳᠦᠭᠦᠷᠭᠡᠵᠦ ᠲᠡᠭᠰᠢ ᠰᠠᠶᠢᠠᠬᠨ ᠦᠷᠡᠵᠢᠭᠰᠡᠨ ᠲᠠᠪᠤᠨ ᠬᠤᠰᠢᠭᠤ ᠮᠠᠯ ᠤᠨ ᠢᠶᠠᠨ ᠥᠨᠢᠷ ᠥᠰᠦᠯᠲᠡ ᠶᠢ ᠪᠡᠯᠭᠡᠳᠡᠭᠰᠡᠨ ᠡᠨᠡ ᠨᠠᠶᠢᠷ ᠲᠤ ᠬᠦᠴᠦᠲᠦ ᠪᠥᠬᠡ ᠪᠠᠷᠢᠯᠳᠤᠨ᠂ ᠬᠥᠯᠦᠭ ᠤᠨ ᠰᠢᠨᠳᠠᠰᠣ  ᠰᠣᠷᠢᠵᠤ  ᠂ ᠡᠷᠡᠬᠡᠢ ᠮᠡᠷᠭᠡᠨ ᠰᠢᠯᠭᠠᠯᠴᠠᠨ᠂ ᠦᠵᠦᠮᠦᠴᠢᠨ  ᠨᠣᠲᠤᠭ ᠲᠤ ᠮᠠᠨᠢ ᠬᠤᠷ᠎ᠠ ᠪᠤᠷᠤᠭᠠᠨ ᠲᠡᠭᠰᠢᠷᠡᠨ ᠬᠦᠮᠦᠨ ᠠᠷᠠᠳ ᠨᠢ ᠪᠠᠶᠠᠨ ᠵᠢᠷᠭᠠᠯᠲᠠᠢ ᠪᠠᠶᠢᠬᠤ ᠶᠢ ᠵᠥᠩᠨᠡᠨ᠂ ᠭᠠᠷᠮᠠᠭᠠᠢ ᠮᠠᠯᠴᠢᠨ ᠠᠯᠲᠠᠨᠪᠠᠭᠠᠲᠤᠷ ᠤᠨ ᠮᠠᠯ ᠰᠦᠷᠦᠭ ᠨᠢ ᠤᠯᠠᠮ ᠥᠨᠢᠷ ᠤᠯᠠᠨ ᠥᠰᠴᠦ᠂ ᠠᠮᠢᠳᠣᠷᠠᠯ ᠦᠢᠯᠡᠰ ᠨᠢ ᠥᠭᠡᠳᠡ ᠪᠠᠨ ᠪᠠᠶᠢᠬᠤ ᠶᠢ ᠢᠷᠡᠭᠰᠡᠨ ᠪᠦᠬᠦᠨ ᠵᠥᠩᠨᠡᠯ᠎ᠡ  ᠃
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠵᠠᠰᠠᠭ ᠤᠨ ᠤᠷᠳᠤᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号