ᠬᠠᠷ᠎ᠠ ᠬᠤᠨ ᠮᠢᠨᠢ
ᠨᠡᠶᠢᠲᠡᠯᠡᠭᠰᠡᠨ ᠴᠠᠭ᠄
2024/6/17
   ● ᠲᠦᠮᠡᠳ ᠶᠦᠩᠷᠣᠩᠪᠠᠯ             ᠲᠡᠷᠡ ᠨᠢᠭᠡᠨ ᠨᠠᠮᠤᠷ ᠤᠨ ᠨᠠᠮᠤᠭᠤᠬᠠᠨ ᠦᠳᠡᠰᠢ ᠪᠢ ᠴᠢᠮ᠎ᠠ ᠪᠠᠨ ᠠᠩᠬ᠎ᠠ ᠬᠠᠷᠠᠯ᠎ᠠ᠃ ᠰᠡᠷᠢᠭᠦᠨ ᠰᠠᠯᠬᠢᠨ ᠤ ᠳᠤᠮᠳᠠ ᠰᠢᠷᠭᠠᠯ ᠨᠠᠪᠴᠢᠰ ᠤᠶᠢᠳᠬᠠᠷᠲᠠᠶᠢᠬᠠᠨ ᠪᠠᠭᠤᠵᠤ᠂ ᠠᠯᠢᠪᠠ ᠪᠦᠬᠦᠨ ᠨᠠᠮ ᠵᠢᠮ ᠤᠨ ᠳᠤᠮᠳᠠ ᠲᠣᠭᠲᠠᠨᠢᠨ᠎ᠠ᠃ ᠭᠠᠯ ᠵᠠᠯᠠᠭᠤ ᠨᠠᠰᠣᠨ ᠳᠠᠭᠠᠨ ᠪᠠᠶᠢᠭ᠎ᠠ ᠮᠢᠨᠤ ᠪᠡᠶ᠎ᠡ ᠶᠠᠭᠤᠮ᠎ᠠ ᠪᠦᠬᠦᠨ ᠢ ᠲᠣᠭᠤᠮᠰᠠᠷᠯᠠᠭᠰᠠᠨ ᠨᠢᠳᠦ ᠪᠠᠷ ᠬᠠᠷᠠᠵᠤ᠂ ᠳᠤᠮᠳᠠᠬᠠᠨ ᠰᠡᠳᠬᠢᠯ ᠢᠶᠠᠨ ᠰᠠᠭᠠᠲᠠᠭᠤᠯᠵᠤ᠂ ᠳᠣᠲᠣᠭᠠᠳᠤ ᠮᠡᠳᠡᠷᠡᠯ ᠢᠶᠠᠨ ᠦᠭᠡᠶᠢᠯᠡᠨ᠎ᠡ᠃          ᠲᠡᠭᠡᠲᠡᠯ᠎ᠡ ᠴᠢ ᠦᠵᠡᠭᠳᠡᠯ᠎ᠡ᠃ ᠱᠣᠳᠣᠩ ᠰᠢᠷ᠎ᠠ ᠬᠡᠵᠢᠭᠡ ᠪᠠᠨ ᠭᠤᠷᠪᠠᠯᠠᠨ ᠬᠦᠷᠦᠵᠦ᠂ ᠮᠥᠷᠥ ᠤᠷᠤᠭᠤ ᠪᠠᠨ ᠰᠡᠮᠬᠡᠨ ᠪᠠᠭᠤᠯᠭᠠᠭᠰᠠᠨ᠂ ᠪᠣᠭᠤᠨᠢᠬᠠᠨ ᠵᠠᠭᠠᠮ᠎ᠠ ᠲᠠᠢ ᠪᠡᠶ᠎ᠡ ᠪᠠᠷᠢᠭᠰᠠᠨ ᠬᠤᠪᠴᠠᠰᠤ ᠴᠢᠨᠢ ᠬᠤᠨ ᠤ ᠨᠣᠣᠯᠣᠭᠤᠷ ᠰᠢᠭ᠋ ᠨᠠᠷᠢᠬᠠᠨ ᠴᠠᠭᠠᠨ ᠬᠦᠵᠦᠭᠦᠦ ᠶᠢ ᠴᠢᠨᠢ ᠭᠤᠨᠠᠶᠢᠮ᠎ᠠ ᠰᠤᠭᠤᠨ ᠬᠠᠷᠠᠭᠳᠠᠭᠤᠯᠵᠤ᠂ ᠨᠢᠴᠦᠭᠦᠨ ᠬᠤᠶᠠᠷ ᠮᠥᠷᠥ ᠴᠢᠨᠢ ᠭᠠᠨᠠᠰᠭᠢᠨ ᠨᠣᠬᠢᠯᠵᠠᠵᠦ᠂ ᠵᠠᠭᠠᠨ ᠤ ᠰᠣᠶᠤᠭ᠎ᠠ ᠮᠡᠲᠦ ᠰᠢᠷᠭᠠᠯ ᠥᠩᠭᠡᠲᠡᠢ ᠲᠡᠭᠰᠢᠬᠡᠨ ᠣᠷᠳᠣ ᠬᠥᠯ ᠴᠢᠨᠢ ᠦᠰᠦᠬᠡᠢ ᠪᠠᠷ ᠢᠶᠠᠨ ᠳᠣᠬᠢᠯᠵᠠᠵᠤ᠂ ᠴᠣᠭᠯᠢᠭ ᠤᠶᠠᠩᠭᠠᠯᠢᠭ ᠠᠶᠠᠰ ᠢ ᠲᠠᠭᠠᠨ ᠪᠥᠵᠢᠭᠯᠡᠬᠦ ᠳᠤ ᠰᠠᠨᠵᠢᠭᠢᠨᠠᠭᠰᠠᠨ ᠬᠠᠷ᠎ᠠ ᠪᠠᠩᠵᠠᠯ ᠴᠢᠨᠢ ᠰᠡᠷᠡᠯ ᠢ ᠬᠥᠳᠡᠯᠭᠡᠬᠦ ᠶᠢ ᠶᠠᠭᠠᠬᠢᠨᠠᠮ᠃           ᠤᠷᠠᠨ ᠬᠤᠶᠠᠷ ᠭᠠᠷ ᠢᠶᠠᠨ ᠣᠰᠣᠨ ᠮᠡᠲᠦ ᠨᠠᠬᠢᠯᠵᠠᠭᠤᠯᠵᠤ᠂ ᠪᠥᠵᠢᠭ ᠤᠨ ᠬᠠᠨᠢ ᠲᠠᠢ ᠪᠠᠨ ᠨᠠᠭᠠᠰᠢ ᠴᠠᠭᠠᠰᠢ ᠰᠦᠯᠵᠢᠨ‌ᠲᠣᠭᠯᠠᠬᠤ ᠳᠤ ᠥᠪᠡᠷ ᠤᠨ ᠮᠡᠳᠡᠯ ᠦᠭᠡᠢ ᠴᠢᠮ᠎ᠠ ᠶᠢ ᠬᠠᠷᠠᠮᠨᠠᠬᠤ ᠰᠡᠳᠬᠢᠯ ᠲᠥᠷᠥᠭᠳᠡᠨ ︽ᠪᠣᠯᠢᠭᠠᠴᠢ︾ ᠬᠡᠮᠡᠨ ᠬᠠᠰᠬᠢᠷᠤᠮᠠᠷ ᠪᠣᠯᠤᠭᠰᠠᠨ‌ᠴᠦ ᠶᠠᠮᠠᠷ ᠴᠦ ᠠᠷᠭ᠎ᠠ ᠦᠭᠡᠢ ᠨᠢ ᠵᠣᠪᠠᠨᠢᠯᠲᠠᠢ᠃ ᠶᠠᠩᠵᠢᠨᡀᠠᠮᠤ ᠪᠤᠷᠬᠠᠨ ᠤ ᠰᠠᠪᠬᠠᠨ ᠨᠠᠷᠢᠨ ᠬᠤᠷᠤᠭᠤ ᠪᠠᠷ ᠶᠠᠩᠵᠤᠯᠠᠵᠤ ᠪᠠᠷᠢᠮᠯᠠᠭᠰᠠᠨ‌ᠨᠣᠭᠤᠭᠠᠨ ᠳ᠋ᠠᠷᠢ ᠶᠢᠨ ᠪᠦᠷᠢᠯᠸ᠎ᠠ ᠭᠡᠭᠴᠢ ᠴᠢ ᠪᠣᠯᠪᠠ ᠤᠤ︕        ᠶᠠᠭᠠᠬᠢᠭᠰᠠᠨ ᠰᠠᠶᠢᠬᠠᠨ ᠠᠮᠢᠳᠠᠨ ᠪᠣᠢ    ᠶᠠᠭᠠᠬᠢᠭᠠᠳ ᠵᠠᠪᠠᠯ ᠴᠢ ᠶᠤᠮ ᠪᠣᠢ   ᠲᠡᠶᠢᠮᠣ ᠠ᠋︕ ᠲᠢᠺ ᠳᠣᠺ ᠭᠡᠬᠦ ᠡᠷᠢᠶᠡᠨ ᠪᠠᠷᠠᠭᠠᠨ ᠵᠢᠷᠳᠢᠨᠴᠦ ᠠᠴᠠ ᠴᠢᠮ᠎ᠠ ᠶᠢ ᠯᠠ ᠬᠠᠷᠠᠭᠰᠠᠨ ᠠᠴᠠ ᠬᠤᠶᠢᠰᠢ᠂ ᠲᠡᠷᠡ ᠬᠦ ᠰᠠᠪᠠ ᠲᠢᠪ ᠲᠤ ᠬᠥᠮᠥᠨ ᠤ ᠭᠠᠷ ᠬᠦᠷᠦᠰᠢ ᠦᠭᠡᠢ ᠠᠷᠢᠭᠤᠨ ᠶᠠᠭᠤᠮ᠎ᠠ ᠪᠠᠶᠢᠬᠤ ᠶᠢ ᠬᠠᠴᠢᠷᠬᠠᠨ ᠮᠡᠳᠡᠷᠡᠯ᠎ᠡ᠃ ᠤᠷᠠᠨ ᠥᠬᠢᠨ ᠴᠢᠮ᠎ᠠ ᠳᠠᠭᠠᠨ ᠪᠢ ︽ᠬᠠᠷ᠎ᠠ ᠬᠤᠨ︾ ᠭᠡᠰᠡᠨ ᠨᠡᠷ᠎ᠡ ᠬᠠᠶᠢᠷᠠᠯᠠᠯ᠎ᠠ᠃ ᠣᠭᠵᠣᠮ ᠴᠣᠭᠯᠢᠭ ᠪᠥᠵᠢᠭ ᠤᠨ ᠠᠶᠠᠰ ᠳᠠᠬᠢᠨ ᠳᠠᠪᠲᠠᠨ ᠴᠢᠬᠢᠨ ᠳᠤ ᠮᠢᠨᠢ ᠰᠣᠨᠣᠰᠳᠠᠵᠤ᠂ ᠦᠰᠦᠬᠡᠢ ᠪᠠᠷ ᠢᠶᠠᠨ ᠳᠣᠬᠢᠯᠵᠠᠭᠰᠠᠨ ᠴᠢ ᠮᠢᠨᠢ ᠳᠡᠭᠳᠡᠨ ᠳᠡᠭᠳᠡᠭᠰᠡᠭᠡᠷ ᠨᠢᠰᠦᠭᠡᠳ ᠣᠳᠴᠢᠬᠠᠯ᠎ᠠ ᠁           ᠰᠠᠨᠵᠢᠭᠢᠨᠠᠭᠰᠠᠨ ᠬᠠᠷ᠎ᠠ ᠪᠠᠩᠵᠠᠯ ᠴᠢᠨᠢ ᠬᠠᠷ᠎ᠠ ᠨᠣᠣᠯᠣᠭᠤᠷ ᠪᠣᠯᠵᠤ᠂ ᠰᠠᠶᠢᠬᠠᠨ ᠬᠤᠶᠠᠷ ᠭᠠᠷ ᠴᠢᠨᠢ ᠳᠠᠯᠠᠪᠴᠢ ᠪᠣᠯᠣᠨ ᠬᠤᠪᠢᠯᠤᠭᠠᠳ ᠭᠠᠷ ᠬᠦᠷᠦᠮ᠎ᠡ ᠦᠭᠡᠢ ᠣᠭᠲᠠᠷᠭᠤᠢ ᠶᠢᠨ ᠭᠦᠨ ᠢ ᠵᠣᠷᠢᠭᠠᠳ ᠰᠤᠮᠤᠳᠠᠯ᠎ᠠ᠃ ᠴᠢᠨᠦ ᠬᠦᠷᠦᠭᠰᠡᠨ ᠭᠠᠵᠠᠷ ᠲᠤ ᠵᠦᠰᠡᠷ ᠪᠣᠷᠣᠭᠠᠨ ᠰᠢᠪᠡᠷᠡᠵᠦ᠂ ᠴᠢᠨᠦ ᠪᠠᠭᠤᠭᠰᠠᠨ ᠬᠥᠷᠥᠰᠥᠨ ᠳᠤ ᠵᠦᠯᠭᠡ ᠨᠣᠭᠤᠭ᠎ᠠ ᠬᠥᠬᠡᠷᠡᠨ᠎ᠡ᠃ ᠲᠡᠭᠡᠲᠡᠯ᠎ᠡ ᠴᠢ ᠨᠢᠳᠦ ᠬᠠᠯᠢᠷᠠᠮ᠎ᠠ ᠪᠠᠶᠢᠭᠠᠯᠢ ᠨᠠᠭᠤᠷ ᠤᠨ ᠴᠡᠩᠬᠡᠷ ᠣᠰᠣᠨ ᠳᠤ ᠳᠠᠪᠠ ᠪᠠᠷ ᠢᠶᠠᠨ ᠱᠣᠮᠪᠠᠵᠦ᠂ ᠲᠣᠰᠣ ᠭᠤᠭᠤᠵᠢᠮᠠᠷ ᠳᠠᠰ ᠬᠠᠷ᠎ᠠ ᠨᠣᠣᠯᠣᠭᠤᠷ ᠴᠢᠨᠢ ᠣᠰᠣᠨ ᠤ ᠣᠶᠢᠯᠲᠠ ᠳᠤ ᠨᠠᠩ ᠴᠦ‌ᠭᠢᠯᠲᠠᠭᠠᠨᠠᠵᠤ᠂ ᠬᠠᠶᠠ ᠬᠠᠶᠠ ᠬᠤᠰᠢᠭᠤ ᠪᠠᠷ ᠢᠶᠠᠨ ᠦᠳᠦ ᠪᠠᠨ ᠰᠢᠯᠡᠮᠡᠳᠡᠬᠦ ᠨᠢ ᠴᠡᠪᠡᠷ ᠴᠡᠮᠴᠡᠭᠡᠷ ᠲᠤ ᠳᠤᠷᠠᠲᠠᠢ ᠪᠠᠶᠢᠳᠠᠭ ᠢ ᠬᠠᠷᠠᠭᠤᠯᠤᠨ᠎ᠠ᠃ ᠬᠠᠷᠠᠵᠤ ᠪᠠᠶᠢᠲᠠᠯ᠎ᠠ ᠲᠡᠷᠲᠡᠭᠡ ᠵᠦᠭ ᠠᠴᠠ ᠬᠡᠳᠦᠨ ᠬᠤᠨ ᠨᠠᠭᠠᠰᠢᠯᠠᠨ ᠢᠷᠡᠵᠦ ᠴᠢᠨᠦ ᠦᠵᠡᠰᠭᠦᠯᠡᠩ ᠭᠤᠶᠣ ᠶᠢ ᠱᠠᠭᠰᠢᠨ ᠭᠠᠶᠢᠬᠠᠵᠤ‌ᠴᠢᠮ᠎ᠠ ᠶᠢ ᠲᠣᠭᠤᠷᠢᠨ ᠭᠠᠩᠭᠠᠨᠠᠯᠳᠤᠨ᠎ᠠ᠃ ᠳᠡᠬᠡᠬᠦ ᠳᠤ ᠴᠢ ᠣᠷᠳᠣ ᠬᠦᠵᠦᠭᠦᠦ ᠪᠠᠨ ᠤᠯᠠᠮ ᠴᠦ ᠰᠤᠩᠭᠠᠨ ᠳᠡᠭᠡᠭᠦᠷ ᠬᠠᠷᠠᠨ ᠠᠯᠭᠤᠷᠬᠠᠨ‌ᠰᠡᠯᠢᠵᠦ ᠪᠠᠶᠢᠭᠰᠠᠨ ᠢᠶᠠᠨ ᠠᠭᠠᠵᠢᠮ ᠢᠶᠠᠷ ᠬᠤᠶᠠᠷ ᠳᠠᠯᠠᠪᠴᠢ ᠪᠠᠨ ᠡᠭᠡᠯᠵᠢᠯᠡᠨ ᠳᠡᠷᠪᠡᠵᠦ ᠣᠷᠣᠨ ᠳᠠᠭᠠᠨ ᠲᠣᠭᠤᠷᠢᠨ ᠪᠥᠵᠢᠭᠯᠡᠵᠦ ᠡᠬᠢᠯᠡᠯ᠎ᠡ᠃ ᠲᠡᠳᠡᠭᠡᠷ ᠭᠠᠯᠠᠭᠤᠳ ᠴᠦ ᠴᠢᠮ᠎ᠠ ᠶᠢ ᠲᠣᠭᠤᠷᠢᠨ ᠪᠥᠵᠢᠭᠯᠡᠨ᠎ᠡ᠃ ᠠᠯᠢᠶ᠎ᠠ ᠳᠡᠭᠵᠢᠨ ᠵᠠᠩ ᠴᠢᠨᠢ ᠬᠥᠳᠡᠯᠪᠡ ᠪᠣᠯᠣᠯᠳᠠᠢ︕ ᠴᠢ ᠬᠠᠶᠠ‌ᠣᠰᠣᠨ ᠳᠤ ᠬᠤᠰᠢᠭᠤ ᠪᠠᠷ ᠢᠶᠠᠨ ᠱᠤᠩᠭᠤᠨ ᠵᠢᠪᠦᠵᠦ᠂ ᠬᠠᠶᠠ ᠪᠣᠯᠳᠠᠰᠭᠢᠨ ᠦᠵᠡᠭᠳᠡᠵᠦ᠂ ᠬᠠᠶᠠ ᠬᠠᠯᠢᠨ ᠨᠢᠰᠴᠦ ᠪᠠᠶᠢᠭᠰᠠᠨ ᠢᠶᠠᠨ ᠴᠣᠴᠢᠮ ᠢᠶᠠᠷ ᠱᠤᠩᠭᠤᠨ ᠪᠠᠭᠤᠵᠤ ᠪᠥᠵᠢᠭᠯᠡᠭᠰᠡᠭᠡᠷ ᠪᠠᠶᠢᠭᠠᠳ ᠨᠢᠭᠡ ᠮᠡᠳᠡᠬᠦ ᠳᠤ ᠳᠠᠬᠢᠨ ᠭᠤᠶᠣ ᠬᠥᠮᠥᠨ ᠲᠥᠷᠬᠦ ᠪᠠᠷ ᠬᠤᠪᠢᠯᠤᠯ᠎ᠠ᠃           ᠨᠠᠭᠤᠷ ᠤᠨ ᠬᠦᠪᠡᠭᠡ ᠳᠠᠬᠢ ᠣᠢ ᠶᠢᠨ ᠳᠤᠮᠳᠠ ᠥᠨᠳᠥᠷ ᠴᠠᠭᠠᠨ ᠮᠣᠷᠢᠲᠠᠢ ᠠᠯᠮᠠᠰ ᠰᠢᠭᠢᠳᠬᠡᠭᠡᠷᠢ ᠶᠢᠨ ᠡᠷᠬᠢᠮᠰᠦᠭ ᠬᠤᠪᠴᠠᠰᠤ ᠲᠠᠢ‌ᠬᠡᠭᠡᠨᠴᠢᠷ ᠵᠠᠯᠠᠭᠤ ᠤᠷᠠᠨ ᠪᠥᠵᠢᠭ ᠢ ᠴᠢᠨᠢ ᠰᠡᠳᠬᠢᠯ ᠲᠠᠯᠪᠢᠨ ᠰᠣᠨᠢᠷᠬᠠᠵᠤ ᠪᠠᠶᠢᠭᠰᠠᠭᠠᠷ ᠴᠢ ᠬᠥᠮᠥᠨ ᠳᠦᠷᠢ ᠳᠤ ᠢᠯᠡᠷᠡᠬᠦ ᠳ᠋ᠤ᠋‌ᠬᠠᠨᠤᠮᠵᠢᠲᠠᠶᠢᠬᠠᠨ ᠭᠡᠭᠴᠢ ᠢᠨᠢᠶᠡᠯ᠎ᠡ᠃ ᠪᠥᠵᠢᠭ ᠤᠨ ᠴᠢᠨᠢ ᠳᠡᠷᠪᠡᠭᠡᠨ ᠳᠤ ᠰᠠᠳᠠᠷᠠᠭᠰᠠᠨ ᠰᠢᠷ᠎ᠠ ᠭᠡᠵᠢᠭᠡᠨ ᠠᠴᠠ ᠴᠢᠨᠢ ᠣᠰᠣᠨ ᠰᠢᠪᠡᠷᠡᠭᠡ ᠪᠣᠳᠠᠷᠠᠵᠦ᠂ ᠬᠠᠵᠠᠭᠤ ᠪᠠᠷ ᠴᠢᠨᠢ ᠵᠢᠭᠠᠰᠤ ᠵᠢᠷᠠᠭᠠᠬᠠᠢ ᠴᠣᠯᠭᠢᠨ ᠲᠣᠭᠯᠠᠵᠤ᠂ ᠪᠣᠯᠵᠣᠮᠣᠷ ᠰᠢᠪᠠᠭᠤ ᠠᠭᠠᠷ ᠲᠤ ᠵᠢᠷᠭᠢᠨ ᠳᠣᠩᠭᠤᠳᠴᠤ᠂ ᠣᠢ ᠮᠣᠳᠣᠳ ᠭᠤᠶᠢᠪᠠᠨ ᠱᠤᠤᠭᠢᠵᠤ ᠤᠯᠠᠮ ᠢᠶᠠᠷ ᠪᠥᠵᠢᠭ ᠲᠡᠭᠡᠨ ᠬᠠᠯᠠᠭᠤᠷᠠᠨ ᠰᠢᠲᠠᠭᠰᠠᠨ ᠴᠢᠨᠦ ᠴᠠᠭᠠᠨ ᠰᠢᠷ᠎ᠠ ᠬᠠᠴᠠᠷ ᠴᠢᠨᠢ ᠶᠠᠭᠠᠷᠠᠨ‌ᠤᠯᠠᠶᠢᠵᠤ ᠪᠦᠬᠦ ᠪᠡᠶ᠎ᠡ ᠴᠢᠨᠢ ᠨᠠᠶᠢᠭᠤᠯᠵᠠᠨ ᠰᠠᠵᠢᠯᠠᠬᠤ ᠳᠤ ᠬᠠᠷ᠎ᠠ ᠨᠣᠣᠯᠣᠭᠤᠷ ᠤᠨ ᠪᠠᠩᠵᠠᠯ ᠴᠢᠨᠢ ᠮᠤᠯᠲᠤᠷᠠᠵᠤ ᠬᠠᠵᠠᠭᠤ ᠶᠢᠨ ᠬᠠᠳᠠᠨ‌ᠳᠡᠭᠡᠷ᠎ᠡ ᠰᠢᠳᠡᠭᠳᠡᠯ᠎ᠡ᠃ ᠬᠠᠭᠠᠨ ᠤ ᠬᠥᠪᠡᠭᠦᠨ ᠠᠷᠭᠤᠮᠠᠭ ᠬᠦᠯᠦᠭ ᠠᠴᠠ ᠪᠠᠨ ᠠᠯᠭᠤᠷᠬᠠᠨ ᠪᠠᠭᠤᠵᠤ ᠪᠠᠩᠵᠠᠯ ᠢ ᠴᠢᠨᠢ ᠠᠪᠤᠭᠠᠳ ᠳᠡᠷᠪᠡᠭᠡᠷ‌ᠮᠠᠯᠠᠭᠠᠢ ᠳᠡᠭᠡᠷ᠎ᠡ ᠪᠠᠨ ᠳᠠᠯᠪᠢᠬᠤ ᠳᠤ ᠨᠠᠩ ᠴᠦ ᠴᠢᠮᠡᠭ ᠲᠡᠭᠦᠰ ᠦᠵᠡᠮᠵᠢ ᠲᠡᠭᠦᠯᠳᠡᠷ ᠪᠣᠯᠵᠤ᠂ ᠥᠨᠳᠥᠷ ᠴᠠᠭᠠᠨ ᠠᠷᠭᠤᠮᠠᠭ ᠬᠦᠯᠦᠭ ᠨᠢ‌ᠲᠤᠭᠤᠷᠠᠢ ᠪᠠᠨ ᠴᠠᠪᠴᠢᠯᠠᠨ ᠬᠥᠩᠭᠡᠬᠡᠨ ᠦᠦᠷᠰᠡᠨ᠎ᠡ᠃         ᠰᠣᠴᠢᠭᠰᠠᠨ ᠢᠨᠵᠠᠭ᠎ᠠ ᠰᠢᠭ᠋ ᠴᠢ ᠳᠡᠪᠬᠡᠴᠡᠨ ᠢᠷᠡᠭᠡᠳ ᠬᠠᠭᠠᠨ ᠤ ᠬᠦᠦ ᠶᠢ ᠴᠣᠴᠢᠮᠠᠭ ᠬᠠᠷᠠᠭᠠᠳ ᠢᠴᠢᠩᠭᠦᠷᠡᠨ ᠵᠤᠮᠠᠯᠵᠠᠬᠤ ᠨᠢ ᠶᠠᠮᠠᠷᠬᠠᠨ ᠡᠷᠪᠡᠢ ᠬᠥᠭᠡᠷᠦᠬᠦᠨ ᠪᠢᠯᠡ︕ ᠬᠠᠭᠠᠨ ᠬᠥᠪᠡᠭᠦᠨ ᠳᠤᠷᠠᠯᠠᠯ ᠤᠨ ᠬᠠᠷᠠᠴᠠ ᠪᠠᠨ ᠴᠢᠮ᠎ᠠ ᠤᠷᠤᠭᠤ ᠢᠯᠡᠭᠡᠵᠦ᠂ ᠭᠠᠷ ᠢᠶᠠᠨ ᠴᠢᠮ᠎ᠠ‌ᠤᠷᠤᠭᠤ ᠰᠤᠩᠭᠠᠬᠤ ᠳᠤ ᠴᠢ ᠬᠠᠷᠢᠨ ᠬᠠᠶᠢᠯᠤᠨ ᠵᠠᠮᠬᠠᠷᠠᠭᠰᠠᠭᠠᠷ ᠬᠠᠷ᠎ᠠ ᠬᠤᠨ ᠤ ᠨᠣᠣᠯᠣᠭᠤᠷ ᠪᠣᠯᠣᠭᠠᠳ ᠪᠤᠲᠠᠷᠠᠴᠢᠬᠠᠯ᠎ᠠ ᠁          ᠬᠠᠭᠠᠨ ᠬᠥᠪᠡᠭᠦᠨ ᠨᠢ ᠪᠢ ᠪᠠᠶᠢᠭᠰᠠᠨ ᠶᠤᠮ᠂ ᠦᠨᠡᠨ ᠳᠡᠭᠡᠨ ᠪᠢ ᠬᠠᠷᠠᠴᠤ ᠬᠥᠪᠡᠭᠦᠨ ᠪᠠᠶᠢᠭᠰᠠᠨ ᠶᠤᠮ︕      
 
ᠢᠷᠡᠯᠲᠡ᠄ ᠤᠷᠳᠤᠰ ᠬᠤᠲᠠ ᠶᠢᠨ ᠵᠠᠰᠠᠭ ᠤᠨ ᠤᠷᠳᠤᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号