ᠶᠤᠸᠠᠨ ᠤᠯᠤᠰ ᠤᠨ ᠳᠡᠭᠡᠳᠦ ᠨᠡᠶᠢᠰᠯᠡᠯ ᠤᠨ ᠬᠤᠳᠠ ᠶᠢᠨ ᠪᠠᠭᠤᠷᠢ
ᠨᠡᠶᠢᠲᠡᠯᠡᠭᠰᠡᠨ ᠴᠠᠭ᠄
2024/6/13
     ᠶᠡᠭᠡ ᠶᠤᠸᠠᠨ ᠤᠯᠤᠰ ᠤᠨ ᠳᠡᠭᠡᠳᠦ ᠨᠡᠶᠢᠰᠯᠡᠯ ᠤᠨ ᠪᠠᠭᠤᠷᠢ᠃ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠰᠢᠯᠢ ᠶᠢᠨ ᠭᠤᠣᠯ ᠠᠶᠢᠮᠠᠭ ᠤᠨ ᠰᠢᠯᠤᠭᠤᠨ ᠬᠥᠬᠡ ᠬᠤᠰᠢᠭᠤᠨ ᠤ ᠲᠥᠪ ᠠᠴᠠ ᠵᠡᠭᠦᠨᠰᠢ 28 ᠺᠢᠯᠣᠮᠧᠲᠷ ᠵᠠᠢ ᠲᠠᠢ᠂ ᠱᠠᠩᠳᠤ ᠭᠤᠣᠯ ︵ᠯᠤᠸᠠᠨ ᠾᠧ ᠭᠤᠣᠯ ᠤᠨ ᠳᠡᠭᠡᠳᠦ ᠤᠷᠤᠰᠬᠠᠯ︶ ᠤᠨ ᠬᠤᠶᠢᠲᠤ ᠭᠦᠪᠡᠭᠡ ᠳᠠᠬᠢ ︽5 · 1︾ ᠮᠠᠯᠵᠢᠯ ᠤᠨ ᠲᠠᠯᠠᠪᠠᠢ ᠶᠢᠨ ᠬᠡᠪᠴᠢᠶᠡᠨ ᠳᠤ ᠪᠠᠶᠢᠳᠠᠭ᠃ ᠡᠷᠲᠡᠨ ᠤ ᠬᠤᠳᠠ ᠶᠢᠨ ᠬᠠᠭᠤᠴᠢᠳ ᠢ ᠮᠣᠩᠭᠤᠯ ᠢᠶᠠᠷ ︽ᠵᠠᠭᠤ ᠨᠠᠢᠮᠠᠨ ᠰᠦᠮ᠎ᠡ ᠲᠠᠢ︾ ᠬᠡᠳᠡᠭ᠃     ᠶᠤᠸᠠᠨ ᠤᠯᠤᠰ ᠤᠨ ᠱᠢᠽᠣ ᠬᠠᠭᠠᠨ ᠬᠤᠪᠢᠯᠠᠢ᠂ ᠬᠠᠭᠠᠨ ᠰᠠᠭᠤᠬᠤ ᠠᠴᠠ ᠪᠠᠨ ᠡᠮᠦᠨ᠎ᠡ ᠲᠣᠰ ᠬᠤᠳᠠ ᠶᠢ ᠪᠠᠶᠢᠭᠤᠯᠵᠠᠢ᠃ ᠬᠤᠳᠠ ᠶᠢᠨ ᠬᠠᠭᠤᠴᠢᠳ ᠤᠨ ᠲᠠᠯᠠᠪᠠᠢ ᠨᠢ ᠲᠡᠭᠰᠢ ᠳᠥᠷᠪᠡᠯᠵᠢᠨ᠂ ᠲᠠᠯ᠎ᠠ ᠨᠢᠭᠡ ᠪᠦᠷᠢ ᠨᠢ 2200 ᠮᠧᠲᠷ ᠤᠷᠳᠣ᠃ ᠭᠠᠳᠠᠷ ᠬᠤᠳᠠ᠂ ᠳᠣᠲᠣᠷ᠎ᠠ ᠬᠤᠳᠠ ᠪᠠ ᠴᠡᠴᠡᠷᠯᠢᠭ ᠬᠤᠳᠠ ᠭᠡᠵᠦ ᠭᠤᠷᠪᠠᠨ ᠳᠠᠪᠬᠤᠷ ᠬᠤᠳᠠ ᠲᠠᠢ᠃ ᠲᠣᠮᠳᠠᠳᠣ ᠣᠷᠣᠨ ᠤ ᠲᠠᠷᠢᠶᠠᠯᠠᠬᠤ ᠰᠣᠶᠣᠯ ᠤᠨ ᠬᠡᠪ ᠨᠠᠮᠪᠠ ᠲᠠᠢ ᠬᠤᠳᠠ ᠪᠠᠶᠢᠪᠠ᠃ ᠳᠣᠲᠣᠷ᠎ᠠ ᠬᠤᠳᠠ ᠨᠢ ᠳᠠᠷᠤᠢ ᠬᠠᠭᠠᠨ ᠬᠤᠳᠠ ᠪᠠᠶᠢᠵᠤ᠂ ᠲᠠᠯᠠᠪᠠᠢ ᠨᠢ ᠲᠡᠭᠰᠢ ᠳᠥᠷᠪᠡᠯᠵᠢᠨ᠃ ᠬᠤᠳᠠ ᠶᠢᠨ ᠬᠡᠷᠡᠮ ᠢ ᠴᠥᠮ ᠲᠣᠭᠤᠰᠬ᠎ᠠ ᠪᠠᠷ ᠰᠠᠭᠠᠭᠰᠠᠨ ᠪᠥᠭᠡᠳ ᠵᠡᠭᠦᠨ᠂ ᠡᠮᠦᠨ᠎ᠡ᠂ ᠪᠠᠷᠠᠭᠤᠨ ᠭᠤᠷᠪᠠᠨ ᠬᠡᠷᠡᠮ ᠤᠨ ᠲᠥᠪ ᠳᠤᠮᠳᠠ ᠨᠢ ᠲᠣᠰ ᠪᠦᠷᠢ ᠨᠢᠭᠡᠨ ᠬᠤᠳᠠ ᠶᠢᠨ ᠡᠭᠦᠳᠡ ᠲᠠᠢ᠂ ᠡᠮᠦᠨ᠎ᠡ ᠡᠭᠦᠳᠡ ᠠᠴᠠ ᠬᠤᠳᠠ ᠶᠢᠨ ᠤᠮᠠᠷᠠᠲᠤ ᠬᠡᠰᠡᠭ ᠲᠠᠬᠢ ᠲᠥᠪ ᠬᠠᠷᠰᠢ ᠭᠦᠷᠳᠠᠯ᠎ᠠ ᠰᠠᠷᠠᠭᠤᠯ ᠲᠠᠷᠳᠠᠩ ᠬᠠᠭᠠᠨ ᠤ ᠵᠠᠮ ᠤᠨ ᠤᠷᠣᠮ ᠲᠠᠢ᠃ ᠲᠥᠪ ᠬᠠᠷᠰᠢ ᠶᠢᠨ ᠪᠠᠭᠤᠷᠢ ᠨᠢ 8 ᠮᠧᠲᠷ ᠥᠨᠳᠥᠷ ᠪᠠᠶᠢᠳᠠᠭ ᠬᠠᠩᠳᠠᠭᠰᠠᠨ ᠰᠢᠷᠣᠢ ᠲᠠᠪᠴᠠᠩ ᠶᠤᠮ᠃ ᠵᠡᠭᠦᠨ ᠠᠴᠠ ᠪᠠᠷᠠᠭᠤᠨᠰᠢ 170 ᠮᠧᠲᠷ ᠤᠷᠳᠣ᠂ ᠡᠮᠦᠨ᠎ᠡ ᠠᠴᠠ ᠤᠮᠠᠷᠠᠰᠢ 55 ᠮᠧᠲᠷ ᠥᠷᠭᠡᠨ᠂ ᠪᠦᠭᠦ ᠬᠤᠳᠠ ᠶᠢᠨ ᠬᠠᠭᠤᠴᠢᠳ ᠳᠣᠲᠣᠷ᠎ᠠ ᠬᠠᠮᠤᠭ ᠠᠴᠠ ᠥᠨᠳᠥᠷ ᠲᠣᠮᠣ ᠪᠠᠷᠢᠯᠭ᠎ᠠ ᠶᠢᠨ ᠤᠷᠣᠮ ᠪᠣᠯᠣᠨ᠎ᠠ᠃ ᠬᠤᠳᠠ ᠳᠣᠲᠣᠷ᠎ᠠ ᠪᠤᠰᠤᠳ ᠪᠠᠷᠢᠯᠭ᠎ᠠ ᠶᠢᠨ ᠬᠠᠭᠤᠴᠢᠳ ᠮᠠᠰᠢ ᠠᠷᠪᠢᠨ᠂ ᠬᠡᠪ ᠳᠦᠷᠰᠦ ᠨᠢ ᠤᠯᠠᠠ ᠵᠦᠢᠯ ᠤᠨ ᠪᠠᠶᠢᠵᠤ᠂ ᠣᠷᠳᠣᠨ ᠬᠠᠷᠰᠢ᠂ ᠠᠰᠠᠷ ᠲᠠᠭᠲᠤ᠂ ᠰᠠᠷᠠᠪᠴᠢ ᠲᠢᠩᠬᠢᠮ ᠭᠡᠬᠦ ᠮᠡᠲᠦ᠃ ᠭᠠᠳᠠᠷ ᠬᠤᠳᠠ ᠨᠢ ᠳᠣᠲᠣᠷ᠎ᠠ ᠬᠤᠳᠠ ᠶᠢᠨ ᠭᠠᠳᠠᠭᠤᠷ ᠣᠷᠢᠶᠠᠵᠤ᠂ ᠲᠡᠭᠰᠢ ᠳᠥᠷᠪᠡᠯᠵᠢᠨ‌ᠬᠡᠯᠪᠠᠷᠢ ᠲᠠᠢ᠂ ᠬᠤᠳᠠ ᠶᠢᠨ ᠬᠡᠷᠡᠮ ᠨᠢ ᠰᠢᠷᠣᠢ ᠴᠢᠯᠠᠭᠤ ᠬᠤᠯᠢᠮᠠᠭ ᠬᠢᠴᠡ ᠲᠠᠢ᠂ ᠲᠣᠩ ᠪᠠᠲᠤ ᠪᠠᠬᠢ᠂ ᠵᠡᠭᠦᠨ ᠪᠠᠷᠠᠭᠤᠨ ᠬᠤᠶᠠᠷ ᠲᠠᠯ᠎ᠠ ᠳᠤ ᠲᠣᠰ ᠪᠦᠷᠢ ᠬᠤᠶᠠᠷ ᠡᠭᠦᠳᠡ ᠲᠠᠢ᠂ ᠡᠮᠦᠨ᠎ᠡ ᠤᠮᠠᠷ᠎ᠠ ᠲᠠᠯ᠎ᠠ ᠳᠤ ᠲᠣᠰ ᠪᠦᠷᠢ ᠨᠢᠭᠡᠨ ᠡᠭᠦᠳᠡ ᠲᠠᠢ᠃ ᠬᠤᠲᠠᠨ ᠳᠣᠲᠣᠷ᠎ᠠ ᠨᠢ ᠪᠠᠷᠢᠯᠭ᠎ᠠ ᠶᠢᠨ ᠪᠠᠭᠤᠷᠢ ᠲᠣᠩ ᠠᠷᠪᠢᠨ᠂ ᠬᠤᠶᠢᠲᠤ ᠬᠡᠰᠡᠭ ᠲᠤᠨᠢ ᠶᠡᠭᠡ ᠲᠣᠮᠣ ᠪᠠᠷᠢᠯᠭ᠎ᠠ ᠶᠢᠨ ᠪᠠᠭᠤᠷᠢ ᠲᠠᠢ᠂ ᠡᠮᠦᠨ᠎ᠡ ᠬᠡᠰᠡᠭ ᠲᠤᠨᠢ ᠪᠠᠭ᠎ᠠ ᠬᠡᠮᠵᠢᠶᠡᠨ ᠤ ᠪᠠᠷᠢᠯᠭ᠎ᠠ ᠭᠤᠣᠯᠳᠠᠵᠤ ᠪᠠᠶᠢᠪᠠ᠃ ᠲᠡᠭᠦᠨ ᠳᠤ ᠨᠣᠶᠠᠳ ᠤᠨ ᠣᠷᠳᠣᠨ ᠬᠠᠷᠰᠢ᠂ ᠪᠤᠷᠬᠠᠨ ᠤ ᠱᠠᠰᠢᠨ ᠤ ᠬᠡᠶᠢᠳ᠂ ᠪᠣᠮᠪᠤ ᠶᠢᠨ ᠱᠠᠰᠢᠨ ᠤ ᠰᠦᠮ᠎ᠡ᠂ ᠺᠦᠩᠽᠢ ᠪᠣᠭᠳᠠ ᠶᠢᠨ ᠰᠦᠮ᠎ᠡ᠂ ᠢᠰᠯᠠᠮ ᠱᠠᠰᠢᠨ ᠤ ᠬᠡᠶᠢᠳ᠂ ᠡᠯᠳᠡᠪ ᠭᠠᠷ ᠤᠷᠠᠯᠠᠯ ᠤᠨ ᠵᠦᠢᠯᠡᠰ ᠭᠡᠬᠦ ᠮᠡᠲᠦᠰ ᠪᠠᠶᠢᠪᠠ᠃       ᠴᠡᠴᠡᠷᠯᠢᠭ ᠬᠤᠳᠠ ᠨᠢ ᠭᠠᠳᠠᠷ ᠬᠤᠳᠠ ᠶᠢᠨ ᠪᠠᠷᠠᠭᠤᠨ ᠬᠤᠶᠢᠲᠤ ᠲᠠᠯ᠎ᠠ ᠰᠢᠬᠠᠭᠤ ᠪᠠᠶᠢᠷᠢᠯᠠᠵᠤ᠂ ᠲᠡᠭᠰᠢ ᠥᠨᠴᠥᠭᠲᠦ ᠬᠡᠯᠪᠠᠷᠢ ᠲᠠᠢ᠂ ᠪᠦᠷᠢᠮᠦᠰᠦᠨ ᠰᠢᠷᠣᠢ ᠪᠠᠷ ᠬᠠᠩᠳᠠᠨ ᠴᠣᠭᠴᠠᠯᠠᠭᠰᠠᠨ ᠪᠥᠭᠡᠳ ᠪᠠᠷᠠᠭᠤᠨ ᠪᠠ ᠡᠮᠦᠨᠡᠲᠦ ᠲᠠᠯ᠎ᠠ ᠳᠤᠨᠢ ᠲᠣᠰ ᠪᠦᠷᠢ ᠨᠢᠭᠡᠨ ᠡᠭᠦᠳᠡ ᠲᠠᠢ᠂ ᠬᠤᠶᠢᠲᠤ ᠲᠠᠯ᠎ᠠ ᠳᠤᠨᠢ ᠬᠤᠶᠠᠷ ᠡᠭᠦᠳᠡ ᠲᠠᠢ᠃ ᠬᠤᠲᠠᠨ ᠳᠣᠲᠣᠷ᠎ᠠ  ᠨᠢ ᠮᠠᠰᠢ ᠠᠷᠪᠢᠨ ᠪᠠᠷᠢᠯᠭ᠎ᠠ ᠶᠢᠨ ᠤᠷᠣᠮ ᠲᠠᠢ᠂ ᠣᠯᠠᠩᠬᠢ ᠨᠢ ᠴᠡᠴᠡᠷᠯᠢᠭ᠂ ᠬᠦᠷᠢᠶᠡᠯᠡᠩ ᠪᠠᠶᠢᠵᠤ᠂ ᠲᠤᠬᠠᠢ ᠶᠢᠨ ᠦᠶ᠎ᠡ ᠳᠡᠭᠡᠨ ᠡᠯᠳᠡᠪ ᠰᠣᠨᠢᠨ ᠴᠡᠴᠡᠭ ᠮᠣᠳᠣ ᠰᠠᠭᠤᠯᠭᠠᠨ᠂ ᠰᠣᠨᠢᠨ ᠭᠠᠶᠢᠬᠠᠮᠰᠢᠭᠲᠤ ᠠᠮᠢᠳᠠᠠ ᠵᠢᠭᠦᠷᠲᠡᠨ ᠢ ᠲᠡᠵᠢᠭᠡᠵᠦ᠂ ᠬᠠᠭᠠᠨ ᠨᠣᠶᠠᠳ ᠤᠨ ᠵᠢᠷᠭᠠᠨ ᠴᠡᠩᠭᠡᠬᠦ ᠳᠤ ᠵᠣᠷᠢᠭᠤᠯᠤᠭᠰᠠᠨ ᠵᠤᠭᠠᠯᠠᠯ ᠤᠨ ᠣᠷᠣᠨ ᠪᠠᠶᠢᠵᠠᠢ᠃ ᠴᠡᠴᠡᠷᠯᠢᠭ ᠬᠤᠳᠠ ᠶᠢᠨ ᠭᠠᠳᠠᠭᠤᠷ ᠲᠣᠰ ᠬᠤᠳᠠ ᠠᠴᠠ ᠬᠡᠳᠦᠨ ᠠᠷᠪᠠᠨ ᠭᠠᠵᠠᠷ ᠠᠯᠤᠰ ᠲᠠᠬᠢ ᠵᠢᠵᠢᠭ ᠳᠣᠪᠣᠴᠠᠭ ᠤᠨ ᠣᠷᠣᠢ ᠳᠡᠭᠡᠷ᠎ᠡ ᠮᠠᠰᠢ ᠠᠷᠪᠢᠨ ᠰᠢᠷᠣᠢ ᠴᠢᠯᠠᠭᠤ ᠪᠠᠷ ᠬᠤᠯᠢᠨ ᠴᠣᠭᠴᠠᠯᠠᠭᠰᠠᠨ ᠲᠠᠪᠴᠠᠩ ᠪᠠᠶᠢᠵᠤ᠂ ᠡᠷᠲᠡᠨ ᠤ ᠬᠤᠳᠠ ᠶᠢ ᠬᠦᠷᠢᠶᠡᠯᠡᠨ ᠲᠡᠪᠡᠷᠢᠭᠰᠡᠨ ᠰᠢᠨᠵᠢ ᠲᠠᠢ᠂ ᠡᠳᠠᠬᠡᠷ ᠨᠢ ᠬᠤᠳᠠ ᠶᠢᠨ ᠭᠠᠳᠠᠭᠤᠷᠬᠢ ᠬᠠᠮᠠᠭᠠᠯᠠᠯᠲᠠ ᠶᠢᠨ ᠴᠢᠨᠠᠷ ᠲᠠᠢ ᠪᠠᠷᠢᠯᠭ᠎ᠠ ᠪᠠᠶᠢᠵᠠᠢ᠃
 
ᠢᠷᠡᠯᠲᠡ᠄ ᠰᠢᠯᠢ ᠶᠢᠨ ᠭᠣᠣᠯ ᠠᠢᠮᠠᠭ ᠤᠨ ᠵᠠᠬᠢᠷᠭ᠎ᠠ ᠶᠢᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号