ᠴᠠᠢ ᠪᠠᠷ ᠠᠶᠠᠭ᠎ᠠ ᠪᠠᠨ ᠤᠬᠢᠶᠠᠬᠤ ᠶᠢ ᠴᠡᠭᠡᠷᠯᠡᠳᠡᠭ ᠤᠨ ᠤᠴᠢᠷ
ᠨᠡᠶᠢᠲᠡᠯᠡᠭᠰᠡᠨ ᠴᠠᠭ᠄
2024/4/9
           ᠡᠷᠲᠡ ᠦᠶ᠎ᠡ ᠳᠤ ᠨᠢᠭᠡᠨ ᠰᠦᠷᠡᠬᠡᠢ  ᠪᠠᠶᠠᠵᠢᠭᠰᠠᠨ ᠬᠥᠮᠥᠨ ᠪᠠᠶᠢᠵᠠᠢ ᠭᠡᠨ᠎ᠡ᠃ ᠲᠡᠷᠡ ᠪᠠᠷ᠂ ᠥᠪ ᠮᠠᠯ ᠤᠨ ᠢᠶᠠᠨ ᠲᠤᠭ᠎ᠠ ᠲᠣᠯᠣᠭᠠᠢ ᠶᠢ ᠲᠣᠭᠠᠯᠠᠵᠤ ᠲᠡᠶᠢᠯᠬᠦ ᠦᠭᠡᠢ ᠲᠡᠩᠳᠠᠷᠠᠵᠦ ᠤᠳᠠᠭᠠᠨ ᠶᠠᠪᠤᠭᠰᠠᠭᠠᠷ ᠪᠠᠶᠢᠭᠠᠳ ᠲᠠᠪᠢ ᠶᠢᠨ ᠳᠠᠪᠠᠭᠠᠨ ᠳᠡᠭᠡᠷ᠎ᠡ ᠭᠠᠷᠴᠤ ᠪᠠᠶᠢᠬᠤ ᠳᠤ ᠬᠠᠪᠴᠢᠭ ᠮᠥᠷᠥᠯᠡᠵᠦ ᠭᠠᠵᠠᠷ ᠢ ᠪᠠᠷᠠᠭᠰᠠᠨ ᠨᠢᠭᠡ ᠯᠠᠮᠠ ᠭᠡᠷ  ᠲᠤᠨᠢ ᠢᠷᠡᠵᠡᠢ᠃         ᠨᠦᠬᠦᠬᠡ ᠪᠠᠶᠠᠨ ᠨᠢᠭᠡ ᠯᠡ ᠰᠦᠷᠡᠬᠡᠢ ᠬᠠᠯᠠᠭᠤᠨ ᠳᠤᠯᠠᠭᠠᠨ ᠢᠶᠠᠷ ᠬᠤᠭᠤᠯᠠ ᠴᠠᠢ ᠬᠢᠵᠦ ᠬᠤᠨᠤᠭ ᠪᠠᠷᠢᠭᠤᠯᠬᠤ ᠪᠠᠷ ᠪᠣᠯᠤᠭᠰᠠᠨ ᠬᠤᠶᠢᠨ᠎ᠠ᠄ ︽ᠪᠠᠭᠰᠢ ᠠᠴᠠ ᠭᠤᠶᠤᠶ᠎ᠠ︕ ᠪᠢ ᠬᠡᠳᠡᠭ ᠡᠨᠡ ᠬᠥᠮᠥᠨ ᠡᠵᠡᠮᠳᠡᠵᠦ ᠶᠠᠪᠤᠭ᠎ᠠ ᠥᠪ ᠮᠠᠯ ᠤᠨ ᠢᠶᠠᠨ ᠲᠤᠭ᠎ᠠ ᠲᠣᠯᠣᠭᠠᠢ ᠶᠢ ᠠᠪᠴᠤ ᠲᠡᠶᠢᠯᠬᠦ ᠦᠭᠡᠢ ᠪᠠᠷ ᠠᠷᠤ ᠭᠡᠷ ᠲᠡᠭᠡᠨ ᠬᠠᠷᠢᠬᠤ ᠪᠠᠨ ᠬᠦᠯᠢᠶᠡᠭᠰᠡᠨ ᠮᠤᠨᠤᠭ ᠲᠣᠯᠣᠭᠠᠢ ᠰᠢᠤ᠃ ᠮᠡᠷᠭᠡᠨ ᠪᠠᠭᠰᠢ ᠮᠢᠨᠢ ᠶᠠᠭᠠᠬᠢᠭᠰᠠᠨ ᠴᠤ ᠨᠢᠭᠡ ᠠᠷᠭ᠎ᠠ ᠲᠤᠰᠠ ᠬᠢᠭᠡᠳ ᠥᠭ ᠳ᠋ᠡ︕︾ ᠭᠡᠵᠦ ᠠᠬᠢᠨ ᠲᠠᠬᠢᠨ ᠮᠥᠷᠭᠦᠵᠦ ᠰᠥᠭᠦᠳᠴᠦ ᠭᠤᠶᠣᠭᠰᠠᠨ ᠶᠤᠮ ᠭᠡᠨ᠎ᠡ᠃         ᠯᠠᠮᠠ ᠭᠤᠸᠠᠢ ᠡᠬᠢᠯᠡᠩᠭᠦᠲᠡ ᠪᠠᠨ ᠶᠡᠭᠡ ᠯᠠ ᠭᠠᠶᠢᠬᠠᠰᠢ ᠪᠣᠯᠵᠤ ᠪᠠᠶᠢᠭᠰᠠᠨ ᠢᠶᠠᠨ ᠡᠷᠭᠢᠭᠡᠳ ᠢᠨᠢᠶᠡᠳᠦ ᠨᠢ   ᠬᠦᠷᠬᠦ‍ ᠰᠢᠭ ᠪᠣᠯᠵᠤ᠄ ︽ᠵᠠ᠂ ᠶᠠᠭᠠᠬᠢᠬᠤᠪ︕ ᠴᠢ ᠦᠨᠡᠨ ᠰᠠᠨᠠᠭᠠᠨ ᠠᠴᠠ ᠪᠠᠨ ᠭᠤᠶᠤᠭᠠᠳ ᠪᠠᠶᠢᠬᠤ ᠶᠤᠮ ᠴᠢᠨᠢ ᠪᠢ ᠦᠭᠡᠢ ᠭᠡᠳ ᠭᠤᠶᠤᠯᠭᠠᠭᠠᠳ ᠪᠠᠶᠢᠯᠲᠠᠢ ᠪᠢᠰᠢ᠃ ᠡᠨᠡ ᠲᠤᠬᠠᠢ ᠬᠢᠬᠦ ᠳᠤ ᠬᠦᠷᠪᠡᠯ ᠠᠷᠭ᠎ᠠ ᠲᠤᠰᠠ ᠨᠢ ᠡᠬᠡᠯ   ᠠᠮᠠᠷᠬᠠᠨ ᠠ᠋︕ ᠮᠠᠷᠭᠠᠰᠢ  ᠥᠷᠯᠥᠭᠡ ᠠᠴᠠ  ᠡᠬᠢᠯᠡᠭᠡᠳ ᠴᠠᠢ ᠪᠠᠷ ᠠᠶᠠᠭ᠎ᠠ ᠪᠠᠨ  ᠤᠬᠢᠶᠠᠭᠠᠳ ᠪᠠᠢ ᠁︾ ᠭᠡᠵᠡᠢ᠃         ᠶᠠᠪᠤᠭᠤᠯ ᠯᠠᠮᠠ ᠶᠢᠨ ᠦᠭᠡ ᠪᠠᠷ ᠶᠠᠯᠢᠵᠦ ᠤᠳᠠᠭᠠᠨ ᠬᠢᠭᠡᠳᠦᠢ ᠪᠠᠶᠢᠲᠠᠯ᠎ᠠ ᠰᠢᠯᠢ ᠰᠢᠯᠢ ᠠᠳᠤᠭᠤ ᠨᠢ ᠦᠭᠡᠶᠢᠷᠡᠵᠦ᠂ ᠱᠸᠡᠭ ᠱᠸᠡᠭ ᠠᠯᠳᠠ ᠨᠢ ᠬᠤᠭᠤᠰᠤᠷᠠᠭᠠᠳ ᠠᠳᠠᠭ ᠰᠡᠬᠦᠯ ᠳᠤᠨᠢ ᠥᠨᠥᠴᠢᠨ ᠤᠨᠠᠭ᠎ᠠ᠂ ᠥᠷᠥᠭᠡᠰᠦᠨ ᠭᠤᠳᠤᠯ ᠴᠤ ᠦᠯᠡᠳᠡᠯ ᠦᠭᠡᠢ ᠪᠠᠷᠠᠭᠳᠠᠵᠤ ᠠᠮᠠᠷᠠᠭᠰᠠᠨ ᠭᠡᠨ᠎ᠡ᠃ ᠡᠭᠦᠨ ᠠᠴᠠ ᠪᠣᠯᠵᠤ ᠮᠣᠩᠭᠤᠯᠴᠤᠳ ᠴᠠᠢ ᠪᠠᠷ ᠠᠶᠠᠭ᠎ᠠ ᠪᠠᠨ ᠤᠬᠢᠶᠠᠬᠤ ᠶᠢ ᠴᠡᠭᠡᠷᠯᠡᠬᠦ ᠪᠣᠯᠤᠭᠰᠠᠨ ᠬᠡᠳᠡᠭ᠃ ᠦᠨᠡᠨ ᠳᠡᠭᠡᠨ ᠴᠠᠢ ᠬᠡᠳᠡᠭ ᠢ ᠠᠭᠠᠭᠢᠮ᠎ᠠ ᠬᠠᠯᠠᠭᠤᠨ ᠡᠮᠦᠨᠡᠲᠦ ᠣᠷᠣᠨ ᠳᠤ ᠲᠠᠷᠢᠵᠦ ᠠᠷᠠᠴᠢᠯᠠᠨ᠂ ᠬᠤᠷᠢᠶᠠᠨ ᠪᠤᠯᠪᠠᠰᠤᠷᠠᠭᠤᠯᠵᠦ ᠬᠡᠪᠯᠡᠭᠡᠳ ᠠᠯᠤᠰ ᠬᠤᠯᠠ  ᠶᠢᠨ ᠠᠷᠤ ᠭᠠᠵᠠᠷ ᠲᠤ ᠬᠦᠷᠴᠦ ᠢᠷᠡᠬᠦ ᠳᠡᠭᠡᠨ ᠬᠤᠪᠣᠷ ᠢᠳᠡᠬᠡᠨ ᠪᠣᠯᠴᠢᠬᠠᠭᠰᠠᠨ ᠪᠠᠶᠢᠳᠠᠭ ᠰᠢᠤ᠃ ᠬᠤᠪᠣᠷ ᠡᠳ᠋ ᠢ ᠡᠯᠪᠡᠭ ᠢᠶᠠᠷ ᠵᠠᠷᠤᠪᠠᠯ ᠬᠡᠰᠢᠭ ᠢᠶᠠᠨ ᠪᠠᠷᠠᠵᠤ ᠬᠤᠭᠤᠰᠤᠷᠠᠬᠤ ᠨᠢ ᠨᠢᠭᠡ ᠵᠥᠪ᠃ ᠲᠠᠬᠢᠭᠠᠳ ᠬᠡᠯᠡᠪᠡᠯ ᠴᠠᠢ ᠬᠡᠳᠡᠭ ᠡᠷᠬᠢᠮ ᠢᠳᠡᠬᠡᠨ ᠰᠢᠤ᠃ ᠲᠡᠭᠦᠨ ᠢᠶᠠᠷ ᠳᠡᠭᠡᠵᠢ ᠪᠤᠯᠭᠠᠵᠦ ᠳᠡᠭᠡᠳᠦᠰ ᠤᠨ ᠢᠶᠠᠨ ᠲᠠᠬᠢᠯᠭ᠎ᠠ ᠳᠤ ᠡᠷᠭᠦᠬᠦ ᠪᠠ ᠲᠦᠷᠦᠯ ᠰᠠᠳᠤᠨ ᠤ ᠪᠠᠨ ᠨᠠᠶᠢᠷ ᠬᠤᠷᠢᠮ ᠳᠤ ᠰᠠᠭᠠᠯᠢ ᠪᠤᠯᠭᠠᠵᠦ ᠳᠡᠪᠰᠢᠭᠦᠯᠳᠡᠭ ᠪᠠᠶᠢᠲᠠᠯ᠎ᠠ ᠡᠷᠬᠢᠮ ᠢᠳᠡᠬᠡᠨ ᠢᠶᠠᠨ ᠤᠬᠢᠶᠠᠳᠠᠰᠤ ᠪᠤᠯᠭᠠᠵᠦ ᠪᠤᠷᠤᠭᠤ ᠪᠠᠷ ᠵᠠᠷᠤᠪᠠᠯ ᠪᠤᠶᠠᠨ ᠢᠶᠠᠨ ᠪᠠᠷᠠᠬᠤ ᠨᠢ ᠨᠠᠩ ᠵᠥᠪ ᠠ᠋᠃
 
ᠢᠷᠡᠯᠲᠡ᠄ ᠰᠢᠯᠢ ᠶᠢᠨ ᠭᠣᠣᠯ ᠠᠢᠮᠠᠭ ᠤᠨ ᠵᠠᠬᠢᠷᠭ᠎ᠠ ᠶᠢᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号