ᠬᠦᠯᠢᠶᠡᠭᠦ ᠪᠤᠯ ᠮᠢᠨᠤ ᠠᠮᠢᠳᠤᠷᠠᠬᠤ ᠭᠡᠯᠪᠡᠷᠢ
ᠨᠡᠶᠢᠲᠡᠯᠡᠭᠰᠡᠨ ᠴᠠᠭ᠄
2024/4/9
            ᠬᠠᠩᠬᠢᠨ ᠬᠢᠴᠢᠶᠡᠯᠳᠤ ᠤᠶᠢᠳᠬᠠᠷᠯᠠᠬᠤ ᠪᠤᠯ ᠮᠢᠨᠤ ᠠᠮᠢᠳᠤᠷᠠᠬᠤ ᠭᠡᠯᠪᠡᠷᠢ        ᠤᠷᠤᠭᠤᠯ ᠤᠨ ᠴᠢᠨᠢ ᠤᠯᠠᠭᠠᠨ ᠪᠤᠳᠤᠭ ᠤᠯᠠᠭᠠᠨ ᠬᠠᠴᠠᠷ ᠢ ᠮᠢᠨᠢ ᠡᠰᠬᠡᠨᠡᠮ        ᠤᠷᠤᠬᠤ ᠡᠭᠦᠳᠡ ᠨᠢ ᠣᠯᠳᠠᠬᠤ ᠦᠭᠡᠢ        ᠣᠷᠴᠢᠯᠠᠩ ᠤᠨ ᠴᠣᠩᠬᠤ ᠶᠢ ᠳᠤᠭᠰᠢᠵᠤ ᠳᠤᠭᠰᠢᠭᠠᠳ ᠤᠶᠢᠳᠬᠠᠷᠯᠠᠵᠤ ᠦᠬᠦᠯ᠎ᠡ        ᠤᠯᠠᠭᠠᠨ ᠳ᠋ᠧᠩ᠂ ᠨᠤᠭᠤᠭᠠᠨ ᠳ᠋ᠧᠩ ᠢᠶᠠᠷ ᠵᠦᠭ ᠢᠶᠠᠨ ᠤᠷᠤᠯᠠᠵᠤ ᠦᠵᠡᠯ᠎ᠡ        ᠤᠷᠢᠳᠠ ᠤᠷᠢᠳᠠ ᠶᠢᠨ ᠨᠤᠭᠤᠭᠠᠨ ᠳᠠᠯ᠎ᠠ᠂ ᠳᠤᠩᠭᠠᠯᠠᠭ ᠭᠤᠷᠤᠬ᠎ᠠ        ᠦᠨᠢ ᠮᠦᠩᠭᠡ ᠶᠢᠨ ᠮᠦᠷᠥᠭᠡᠳᠥᠯ ᠳᠠᠳᠦ᠋ᠢᠭᠡᠨ                ᠠᠭᠤᠷᠯᠠᠬᠤ ᠪᠤᠯ ᠮᠢᠨᠤ ᠡᠪᠰᠡᠬᠦ ᠭᠡᠯᠪᠡᠷᠢ        ᠠᠯᠠᠭ ᠨᠢᠳᠤᠨ ᠠᠴᠠ ᠮᠢᠨᠢ ᠬᠠᠶᠢᠷ᠎ᠠ ᠠᠰᠬᠠᠷᠠᠳᠠᠭ ᠭᠡᠵᠤ ᠴᠢ ᠭᠡᠯᠡᠳᠡᠭ        ᠠᠷᠠᠢ ᠲᠠ ᠠᠳᠡᠬᠦᠷᠡᠭᠰᠡᠨ ᠪᠠᠶᠢᠬ᠎ᠠ        ᠠᠮᠢᠨ ᠬᠠᠷᠠᠭ᠎ᠠ ᠪᠠᠨ ᠠᠯᠳᠠᠴᠢᠬᠠᠭᠰᠠᠨ ᠰᠤᠬᠤᠷ ᠭᠡᠳᠡᠭ ᠢ ᠮᠡᠳᠡᠭᠡ ᠦᠭᠡᠢ ᠨᠢ ᠲᠠ        ᠭᠡᠷᠡᠯ ᠪᠤᠯ ᠨᠠᠳᠠ ᠳᠤ ᠢᠯᠡᠬᠦᠴᠡ ᠤᠬᠠᠭᠳᠠᠬᠤᠨ        ᠬᠡᠮᠰᠢᠯ ᠴᠦ ᠰᠠᠪᠠᠭ᠎ᠠ ᠦᠭᠡᠢ ᠳᠤᠮᠢᠶᠠᠯᠠᠯ        ᠭᠡᠭᠡᠭᠡᠨ ᠯᠠ ᠪᠠᠶᠢᠳᠠᠭ ᠢᠶᠠᠷ ᠵᠡᠬᠦᠳᠥᠨ ᠳᠤ ᠮᠢᠨᠢ ᠳᠠᠯ᠎ᠠ ᠨᠤᠳᠤᠭ        ᠭᠠᠷᠴᠠᠭ᠎ᠠ ᠦᠭᠡᠢ ᠮᠢᠨᠥᠬᠢ ᠭᠡᠳᠡᠭ ᠡᠪᠡᠰᠥᠨ ᠤᠬᠠᠮᠰᠠᠷ               ᠬᠦᠯᠢᠶᠡᠬᠦ ᠪᠤᠯ ᠮᠢᠨᠤ ᠠᠮᠢᠳᠤᠷᠠᠬᠤ ᠭᠡᠯᠪᠡᠷᠢ        ᠭᠠᠭ᠋ᠠᠢ ᠶᠠᠪᠠᠭᠠᠨ ᠠᠳᠠᠯ᠎ᠠ ᠪᠠᠨ ᠨᠢᠰᠴᠤ ᠪᠤᠢ ᠪᠦᠬᠦᠨ ᠢ ᠬᠦᠯᠢᠶᠡᠳᠡᠭ        ᠬᠠᠭᠤᠴᠢᠷᠠᠭᠠᠳ ᠦᠩᠭᠡ ᠦᠭᠡᠢ᠂ ᠰᠤᠷᠭᠤᠭ ᠪᠠᠳᠠᠷᠠᠩᠭᠤᠢ ᠦᠩᠭᠡ ᠪᠥᠬᠦᠨ ᠢ ᠬᠦᠯᠢᠶᠡᠳᠡᠭ        ᠬᠦᠷᠬᠦ ᠦᠭᠡᠢ ᠬᠤᠯᠠ ᠶᠢᠨ ᠠᠶᠠᠨ ᠢ ᠬᠡᠥᠭᠡᠳ ᠢᠶᠠᠨ ᠳᠦᠷᠥᠬᠦᠯᠬᠦ‍ ᠰᠢᠭ ᠬᠦᠯᠢᠶᠡᠳᠡᠭ        ᠭᠠᠵᠠᠷ ᠰᠢᠷᠥᠢ ᠠᠮᠢ ᠨᠠᠰᠤᠨ ᠤ ᠮᠢᠨᠢ ᠭᠡᠯᠪᠡᠷᠢ        ᠬᠠᠴᠠᠷ ᠳᠡᠭᠡᠷ᠎ᠡ ᠨᠢ ᠦᠨᠥᠰᠥᠭᠡ ᠦᠭᠡᠢ᠂ ᠬᠠᠷᠢᠨ ᠪᠤᠯᠠᠰᠢᠨ ᠳᠡᠭᠡᠷ᠎ᠡ ᠴᠢᠨᠢ ᠦᠨᠥᠰᠥᠭᠰᠡᠨ ᠢ        ᠬᠠᠯᠠᠭᠤᠨ ᠨᠠᠮᠤᠷ ᠤᠨ ᠭᠤᠯᠢᠶ᠎ᠠ᠂ ᠬᠠᠳᠠᠨ ᠵᠠᠪᠰᠠᠷ ᠠᠴᠠ ᠳᠠᠭᠤᠯᠠᠨ᠎ᠠ        ᠭᠠᠭᠴᠠᠭᠠᠷᠳᠠᠯ ᠠᠴᠠ ᠬᠦᠯᠢᠶᠡᠯᠳᠡ ᠳᠠᠰᠢ᠂ ᠬᠦᠯᠢᠶᠡᠯᠳᠡ ᠠᠴᠠ ᠭᠠᠭᠴᠠᠭᠠᠷᠳᠠᠯ ᠳᠠᠰᠢ᠁                
 
ᠢᠷᠡᠯᠲᠡ᠄ ᠲᠤᠮᠳᠠᠳᠣ ᠣᠯᠤᠰ ᠤᠨ ᠮᠤᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号