ᠮᠠᠯᠴᠢᠨ ᠭᠡᠭᠡᠨᠪᠢᠯᠢᠭ ᠤᠨ ᠠᠳᠣᠭᠤᠨ ᠳᠡᠯᠯᠡᠭᠡ ᠪᠠᠷ ᠁
ᠨᠡᠶᠢᠲᠡᠯᠡᠭᠰᠡᠨ ᠴᠠᠭ᠄
2024/4/16
     ᠬᠠᠶᠢᠯ ᠤᠨ ᠤᠰᠤ ᠬᠠᠶᠠᠭ᠎ᠠ ᠪᠠᠷ ᠣᠷᠣᠰᠴᠤ ᠬᠠᠨ ᠳᠡᠯᠡᠬᠡᠢ ᠠᠮᠢᠯᠠᠯ ᠢᠶᠠᠷ ᠪᠢᠯᠬᠠᠭᠰᠠᠨ ᠣᠷᠢᠬᠠᠨ ᠬᠠᠪᠣᠷ ᠤᠨ  ᠴᠠᠭ ᠢᠶᠠᠷ ᠬᠥᠳᠡᠭᠡ ᠨᠤᠲᠤᠭ ᠲᠤ ᠲᠥᠯ ᠤᠨ ᠳᠠᠭᠤᠨ ᠬᠠᠩᠭᠢᠨᠠᠵᠤ  ᠂  ᠮᠠᠯ ᠤᠨ ᠵᠠᠬ᠎ᠠ ᠳᠤ  ᠶᠠᠪᠤᠭᠰᠠᠨ ᠮᠠᠯᠴᠢᠳ ᠮᠠᠩᠨᠠᠢ ᠲᠡᠨᠢᠢᠨ ᠪᠠᠶᠠᠰᠤᠨ᠎ᠠ  ᠃     ᠬᠠᠪᠣᠷ ᠤᠨ ᠣᠯᠠᠷᠢᠯ  ᠳᠤ ᠠᠳᠣᠭᠤ  ᠳᠡᠯᠯᠡᠬᠦ ᠨᠢ  ᠮᠠᠯᠵᠢᠬᠤ ᠠᠮᠢᠳᠣᠷᠠᠯ ᠤᠨ ᠪᠠᠰᠠ ᠨᠢᠭᠡᠨ ᠴᠢᠬᠤᠯᠠ ᠠᠵᠢᠯ ᠪᠠᠶᠢᠳᠠᠭ᠃ ᠪᠠᠷᠠᠭᠤᠨ ᠦᠵᠦᠮᠦᠴᠢᠨ ᠬᠤᠰᠢᠭᠤᠨ ᠤ ᠣᠯᠠᠭᠠᠨᠬᠠᠭᠠᠯᠭ᠎ᠠ ᠰᠣᠮᠣᠨ ᠤ ᠰᠠᠷᠠᠭᠤᠯᠲᠤᠶᠠᠭ᠎ᠠ ᠭᠠᠴᠠᠭᠠᠨ ᠤ ᠮᠠᠯᠴᠢᠨ ᠭᠡᠭᠡᠨᠪᠢᠯᠢᠭ ᠤᠨ ᠬᠢ ᠮᠣᠩᠭᠤᠯ ᠠᠳᠤᠭᠤ ᠭᠤᠣᠯᠲᠠᠢ ᠮᠠᠯᠵᠢᠵᠤ  ᠂ ᠬᠠᠪᠣᠷ ᠪᠣᠯᠭᠠᠨ ᠠᠶᠢᠯ ᠰᠠᠭᠠᠬᠠᠯᠲᠠ ᠪᠠᠨ ᠣᠷᠢᠵᠤ ᠠᠳᠤᠭᠤ ᠳᠡᠯᠯᠡᠵᠦ ᠳᠠᠭ᠎ᠠ ᠪᠠᠨ ᠲᠠᠮᠠᠭᠠᠯᠠᠨ  ᠂  ᠮᠠᠯ ᠰᠦᠷᠦᠭ ᠨᠢ ᠲᠠᠷᠭᠤ ᠬᠦᠴᠦᠲᠡᠢ ᠨᠤᠭᠤᠭᠠᠨ ᠳᠤ ᠵᠠᠯᠭᠠᠵᠤ  ᠂ ᠥᠨᠢᠷ  ᠥᠳᠬᠡᠨ ᠥᠰᠬᠦ ᠶᠢ ᠪᠡᠯᠭᠡᠰᠢᠶᠡᠳᠡᠭ  ᠃      ᠡᠨᠡ ᠵᠢᠯ ᠴᠤ ᠭᠡᠭᠡᠨᠪᠢᠯᠢᠭ  ᠬᠠᠩᠰᠢᠨ ᠤ ᠳᠠᠷᠠᠭᠠᠬᠢ ᠳᠤᠯᠠᠭᠠᠨ ᠡᠳᠦᠷ ᠢ ᠲᠤᠬᠢᠶᠠᠯᠳᠣᠭᠤᠯᠵᠤ ᠠᠳᠤᠭᠤ ᠪᠠᠨ ᠳᠡᠯᠯᠡᠯ᠎ᠡ᠃ ᠣᠶᠢᠷ᠎ᠠ ᠵᠡᠷᠭᠡᠯᠡᠳᠡᠭᠡ ᠰᠠᠭᠠᠬᠠᠯᠲᠠ ᠶᠢᠨ ᠬᠢᠨ ᠬᠦᠷᠦᠯᠴᠡᠨ ᠢᠷᠡᠵᠦ  ᠠᠳᠣᠭᠤ ᠳᠡᠯᠯᠡᠬᠦ ᠳᠤᠨᠢ ᠲᠣᠰᠠ ᠳᠡᠮ ᠪᠤᠯᠵᠤ᠂ ᠣᠳᠠᠯ ᠦᠭᠡᠢ ᠠᠵᠢᠯ ᠢᠶᠠᠨ ᠳᠠᠭᠤᠰᠬᠠᠭᠠᠳ ᠵᠠᠯᠠᠭᠤᠴᠣᠳ ᠠᠵᠢᠷᠭ᠎ᠠ ᠤᠷᠭᠠᠯᠠᠨ ᠡᠮᠨᠢᠭ ᠣᠨᠤᠵᠤ ᠠᠵᠢᠯ ᠤᠨ ᠴᠢᠯᠡᠭᠡ ᠪᠠᠨ ᠲᠠᠶᠢᠯᠵᠤ  ᠂ ᠠᠵᠠ ᠬᠡᠶᠢᠮᠦᠷᠢ ᠪᠠᠨ ᠰᠡᠷᠭᠦᠭᠡᠯ᠎ᠡ  ᠃      ᠰᠢᠨ᠎ᠡ ᠴᠠᠭ ᠦᠶ᠎ᠡ ᠶᠢᠨ ᠵᠠᠯᠠᠭᠤ ᠮᠠᠯᠴᠢᠨ ᠪᠣᠯᠣᠭᠰᠠᠨ ᠤ  ᠬᠤᠪᠢ ᠳᠤ ᠭᠡᠭᠡᠨᠪᠢᠯᠢᠭ ᠬᠢᠭᠡᠳ ᠲᠡᠭᠦᠨ ᠤ ᠦᠶ᠎ᠡ ᠶᠢᠨ ᠵᠠᠯᠠᠭᠤᠴᠤᠳ ᠡᠷᠲᠡ ᠳᠡᠭᠡᠳᠦ ᠠᠴᠠ ᠮᠠᠯᠵᠢᠵᠤ ᠢᠷᠡᠭᠰᠡᠨ ᠮᠣᠩᠭᠤᠯ ᠠᠳᠣᠭᠤ ᠪᠠᠨ ᠬᠡᠷᠬᠢᠨ  ᠬᠠᠮᠠᠭᠠᠯᠠᠬᠤ  ᠂ ᠠᠳᠤᠭᠤᠨ ᠤ ᠲᠤᠬᠠᠢ ᠣᠯᠠᠮᠵᠢᠯᠠᠯᠲᠤ ᠵᠠᠩ ᠰᠣᠶᠤᠯ ᠢ ᠬᠡᠷᠬᠢᠨ  ᠥᠪᠯᠡᠵᠦ ᠣᠯᠠᠮᠵᠢᠯᠠᠬᠤ  ᠂ ᠮᠣᠩᠭᠤᠯ ᠠᠳᠣᠭᠤᠨ ᠤ ᠠᠵᠤ ᠦᠢᠯᠡᠰ ᠢ ᠬᠡᠷᠬᠢᠨ ᠬᠥᠭᠵᠢᠭᠦᠯᠬᠦ  ᠲᠤᠬᠠᠢ ᠣᠯᠠᠨ ᠢ ᠰᠡᠳᠬᠢᠵᠦ  ᠂ ᠵᠣᠷᠢᠭ  ᠂ ᠵᠣᠷᠢᠯᠭ᠎ᠠ ᠨᠢᠭᠡᠲᠡᠢ ᠬᠦᠰᠡᠯ ᠲᠡᠮᠡᠤᠯᠡᠯ  ᠳᠦᠭᠦᠷᠡᠩ ᠶᠠᠪᠤᠨ᠎ᠠ  ᠃
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠵᠠᠰᠠᠭ ᠤᠨ ᠤᠷᠳᠤᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号