ᠰᠢᠮ᠎ᠡ ᠲᠡᠵᠢᠭᠡᠯ ᠰᠠᠶᠢᠲᠠᠢ ᠥᠷᠯᠥᠭᠡ ᠶᠢᠨ ᠴᠠᠢ ᠬᠤᠭᠤᠯᠠᠨ ᠳᠤ ᠨᠡᠭᠦᠷᠡᠰᠦ ᠤᠰᠤᠨ ᠤ ᠨᠢᠭᠡᠳᠪᠦᠷᠢ᠂ ᠤᠭᠤᠷᠠᠭ᠂ | ᠥᠨᠳᠡᠭᠡᠨ ᠹᠣᠰᠹᠣᠷᠲᠤ ᠥᠭᠡᠬᠦ᠂ ᠸᠢᠲ᠋ᠠᠮᠢᠨ ᠪᠠ ᠡᠷᠦᠳᠡᠰᠦ ᠪᠣᠳᠠᠰ ᠢ ᠪᠠᠭᠲᠠᠭᠠᠨ᠎ᠠ᠃ | 1᠂ ᠨᠡᠭᠦᠷᠡᠰᠦ ᠤᠰᠤᠨ ᠤ ᠨᠢᠭᠡᠳᠪᠦᠷᠢ ᠶᠢ ᠡᠯᠪᠡᠭ ᠠᠭᠤᠯᠤᠭᠰᠠᠨ ᠢᠳᠡᠭᠡᠨ | ᠵᠢᠱᠢᠶᠡᠯᠡᠪᠡᠯ᠂ ᠲᠠᠯᠬ᠎ᠠ᠂ ᠮᠠᠨᠲᠠᠤ᠂ ᠬᠤᠯᠢᠮᠠᠭ ᠠᠮᠤ ᠶᠢᠨ ᠰᠢᠩᠭᠡᠨ ᠪᠤᠳᠠᠭ᠎ᠠ ᠵᠡᠷᠭᠡ ᠭᠤᠣᠯ ᠢᠳᠡᠭᠡᠨ᠃ ᠡᠳᠡᠭᠡᠷ | ᠨᠢ ᠨᠡᠭᠦᠷᠡᠰᠦ ᠤᠰᠤᠨ ᠤ ᠨᠢᠭᠡᠳᠪᠦᠷᠢ ᠶᠢ ᠠᠭᠤᠯᠵᠣ᠂ ᠲᠠᠷᠢᠬᠢᠨ ᠳᠤ ᠬᠡᠷᠡᠭᠴᠡᠭᠡ ᠲᠠᠢ ︽ᠲᠦᠯᠡᠰᠢ︾ - ᠦᠵᠦᠮ ᠤᠨ | ᠰᠢᠬᠢᠷ ᠪᠣᠯᠭᠠᠨ ᠬᠤᠪᠢᠷᠠᠭᠤᠯᠵᠤ᠂ ᠶᠡᠭᠡ ᠲᠠᠷᠢᠬᠢ ᠶᠢᠨ ᠰᠡᠳᠬᠢᠬᠦ᠂ ᠴᠡᠭᠡᠵᠢᠯᠡᠬᠦ ᠪᠠ ᠠᠰᠠᠭᠤᠳᠠᠯ ᠢ ᠰᠢᠢᠳᠪᠦᠷᠢᠯᠡᠬᠦ | ᠵᠡᠷᠭᠡ ᠶᠠᠪᠤᠳᠠᠯ ᠳᠤ ᠲᠤᠰᠠᠯᠠᠵᠤ ᠪᠣᠯᠣᠨ᠎ᠠ᠃ | 2᠂ ᠤᠭᠤᠷᠠᠭ ᠡᠯᠪᠡᠭ ᠠᠭᠤᠯᠤᠭᠰᠠᠨ ᠢᠳᠡᠭᠡᠨ | ᠵᠢᠱᠢᠶᠡᠯᠡᠪᠡᠯ᠂ ᠮᠢᠬ᠎ᠠ᠂ ᠵᠢᠭᠠᠰᠤ᠂ ᠦᠨᠢᠶᠡᠨ ᠰᠦ ᠵᠡᠷᠭᠡ ᠨᠢ ᠴᠢᠰᠤᠨ ᠰᠢᠬᠢᠷ ᠢ ᠠᠭᠠᠵᠢᠮ ᠢᠶᠠᠷ | ᠳᠡᠭᠡᠭᠰᠢᠯᠡᠭᠦᠯᠦᠭᠰᠡᠨ ᠤ ᠳᠠᠷᠠᠭ᠎ᠠ ᠲᠣᠭᠲᠠᠭᠤᠨ ᠪᠠᠶᠢᠳᠠᠯ ᠢ ᠪᠠᠲᠤᠯᠠᠨ᠎ᠠ᠃ ᠤᠭᠤᠷᠠᠭ ᠳᠣᠲᠣᠷᠠᠬᠢ ᠲᠠᠷᠠᠭ ᠤᠨ | ᠰᠢᠪᠲᠦᠷᠲᠦ ᠬᠦᠴᠢᠯ ᠨᠢ ᠪᠠᠰᠠ ᠬᠥᠮᠥᠨ ᠤ ᠪᠡᠶ᠎ᠡ ᠶᠢᠨ ᠳᠤᠫᠠᠮᠢᠨ ᠪᠠ ᠪᠥᠭᠡᠷ᠎ᠡ ᠶᠢᠨ ᠳᠡᠭᠡᠳᠦ ᠪᠤᠯᠴᠢᠷᠬᠠᠢ ᠶᠢᠨ ᠡᠳ᠋ | ᠰᠢᠭᠦᠷᠡᠭᠦᠯᠬᠦ ᠶᠢ ᠠᠬᠢᠭᠤᠯᠵᠤ᠂ ᠬᠥᠮᠥᠰ ᠤᠨ ᠰᠡᠳᠬᠢᠬᠦᠢ ᠶᠢ ᠬᠤᠷᠴᠠ ᠰᠡᠷᠭᠡᠭ ᠪᠣᠯᠭᠠᠳᠠᠭ᠃ | 3᠂ ᠥᠨᠳᠡᠭᠡᠨ ᠹᠣᠰᠹᠣᠷᠲᠤ ᠥᠭᠡᠬᠦ ᠡᠯᠪᠡᠭ ᠠᠭᠤᠯᠤᠭᠰᠠᠨ ᠢᠳᠡᠭᠡᠨ | ᠵᠢᠱᠢᠶᠡᠯᠡᠪᠡᠯ᠂ ᠲᠠᠬᠢᠶᠠᠨ ᠥᠨᠳᠡᠭᠡ᠂ ᠪᠤᠷᠴᠠᠭ ᠤᠨ ᠢᠳᠡᠭᠡᠨ ᠵᠡᠷᠭᠡ ᠥᠨᠳᠡᠭᠡᠨ ᠹᠣᠰᠹᠣᠷᠲᠤ ᠥᠭᠡᠬᠦ | ᠰᠢᠩᠭᠡᠭᠡᠭᠳᠡᠭᠰᠡᠨ ᠤ ᠳᠠᠷᠠᠭ᠎ᠠ ᠰᠥᠰᠥᠨ ᠤ ᠱᠦᠯᠲᠦ ᠢᠯᠭᠠᠷᠠᠭᠤᠯᠵᠤ᠂ ᠡᠭᠦᠨ ᠤ ᠤᠯᠠᠮ ᠠᠴᠠ ᠮᠡᠳᠡᠷᠡᠯ ᠤᠨ ᠵᠠᠭᠤᠴᠢ | ᠳᠠᠮᠵᠢᠭᠤᠯᠤᠭᠴᠢ ᠡᠳ᠋ ᠤᠨ ᠡᠲ᠋ᠠ ᠡᠰᠢᠯᠲᠦ ᠰᠥᠰᠥᠨ ᠤ ᠱᠦᠯᠲᠦ ᠶᠢ ᠨᠡᠶᠢᠯᠡᠭᠦᠯᠦᠨ᠂ ᠮᠡᠳᠡᠷᠡᠯ ᠤᠨ ᠰᠢᠰᠲ᠋ᠧᠮ ᠤᠨ | ᠠᠵᠢᠯᠯᠠᠭ᠎ᠠ ᠶᠢ ᠠᠬᠢᠭᠤᠯᠤᠨ ᠰᠠᠶᠢᠵᠢᠷᠠᠭᠤᠯᠳᠠᠭ᠃ | 4᠂ ᠸᠢᠲ᠋ᠠᠮᠢᠨ᠂ ᠡᠷᠦᠳᠡᠰᠦ ᠡᠯᠪᠡᠭ ᠠᠭᠤᠯᠤᠭᠰᠠᠨ ᠢᠳᠡᠭᠡᠨ | ᠵᠢᠱᠢᠶᠡᠯᠡᠪᠡᠯ᠂ ᠰᠢᠨ᠎ᠡ ᠰᠣᠷᠭᠤᠭ ᠵᠢᠮᠢᠰ ᠨᠣᠭᠤᠭ᠎ᠠ᠂ ᠸᠢᠲ᠋ᠠᠮᠢᠨ ᠪᠣᠯᠣᠨ ᠡᠷᠦᠳᠡᠰᠦ ᠪᠣᠳᠠᠰ ᠪᠣᠯ ᠶᠡᠭᠡ | ᠲᠠᠷᠢᠬᠢᠨ ᠳᠤ ᠳᠤᠲᠠᠭᠳᠠᠵᠤ ᠪᠣᠯᠣᠰᠢ ᠦᠭᠡᠢ ︽ᠪᠠᠷᠢᠯᠭ᠎ᠠ ᠶᠢᠨ ᠮᠠᠲ᠋ᠧᠷᠢᠶᠠᠯ︾ ᠮᠥᠨ᠂ ᠤᠷᠭᠤᠮᠠᠯ ᠤᠨ ᠬᠢᠮᠢ ᠶᠢᠨ | ᠪᠣᠳᠠᠰ ᠨᠢ ᠶᠡᠭᠡ ᠲᠠᠷᠢᠬᠢᠨ ᠳᠤ ᠤᠴᠠᠷᠠᠭᠤᠯᠬᠤ ᠴᠢᠯᠦᠭᠡᠲᠦ ᠡᠰ ᠤᠨ ᠬᠤᠬᠢᠷᠠᠯ ᠢ ᠡᠰᠡᠷᠭᠦᠴᠡᠵᠦ᠂ ᠴᠡᠭᠡᠵᠢᠯᠡᠬᠦ | ᠴᠢᠳᠠᠪᠤᠷᠢ ᠶᠢ ᠬᠠᠮᠠᠭᠠᠯᠠᠳᠠᠭ᠃ |