| ᠣᠷᠴᠢᠮ ᠤᠨ ᠬᠤᠭᠤᠴᠠᠭᠠᠨ ᠳᠤ᠂ ᠵᠠᠬ᠎ᠠ ᠳᠡᠯᠭᠡᠭᠦᠷ ᠳᠡᠭᠡᠷ᠎ᠡ ᠨᠢᠭᠡ ᠵᠦᠢᠯ ᠤᠨ ︽ᠬᠠᠭᠤᠷᠮᠠᠭ ᠤᠰᠤ︾ ᠭᠡᠳᠡᠭ | ᠲᠣᠭᠯᠠᠭᠠᠮ ᠭᠠᠷᠴᠤ ᠢᠷᠡᠪᠡ᠃ ᠭᠠᠳᠠᠷ ᠬᠡᠯᠪᠡᠷᠢ ᠨᠢ ᠵᠢᠵᠢᠭᠬᠡᠨ ᠯᠣᠩᠬᠤ ᠲᠠᠢ ᠤᠮᠳᠠᠭᠠᠨ ᠰᠢᠭ᠋ ᠬᠠᠷᠠᠭᠳᠠᠨ᠎ᠠ᠂ | ᠡᠭᠦᠨ ᠢ ᠤᠤᠭᠤᠵᠤ ᠪᠣᠯᠬᠤ ᠦᠭᠡᠢ︕ ᠠᠶᠤᠯ ᠲᠠᠢ︕ ︽ᠡᠨᠡ ᠲᠣᠭᠯᠠᠭᠠᠮ ᠳᠡᠭᠡᠷ᠎ᠡ ᠬᠡᠳᠦᠶᠢᠪᠡᠷ ᠭᠤᠣᠯ | ᠪᠦᠷᠢᠯᠳᠦᠭᠦᠨ ᠨᠢ ᠤᠰᠤ ᠪᠠᠷ ᠭᠤᠣᠯᠯᠠᠵᠤ᠂ ᠮᠧᠲ᠋ᠢᠯ ᠪᠥᠭᠡᠭᠡᠨᠡᠷᠡᠯ ᠡᠲ᠋ᠧᠨ ᠠᠯᠺᠣᠣᠯ ︵PVA︶᠂ ᠥᠩᠭᠡᠯᠡᠭᠴᠢ ᠵᠡᠷᠭᠡ | ᠪᠠᠶᠢᠨ᠎ᠠ ᠭᠡᠰᠡᠨ ᠲᠠᠶᠢᠯᠪᠤᠷᠢ ᠬᠠᠳᠠᠵᠤ ᠪᠠᠶᠢᠪᠠᠴᠤ ᠡᠭᠦᠨ ᠠᠴᠠ ᠡᠮᠦᠨ᠎ᠡ ᠰᠢᠯᠭᠠᠨ ᠪᠠᠶᠢᠴᠠᠭᠠᠯᠲᠠ ᠬᠢᠭᠰᠡᠨ ᠳᠤ | ᠬᠠᠭᠤᠷᠮᠠᠭ ᠤᠰᠤᠨ ᠤ ᠲᠣᠭᠯᠠᠭᠠᠮ ᠳᠤ ᠪᠤᠷ ᠡᠯᠧᠮᠧᠨ᠋ᠲ ᠤᠨ ᠠᠭᠤᠯᠤᠭᠳᠠᠴᠠ ᠨᠡᠯᠢᠶᠡᠳ ᠥᠨᠳᠥᠷ ᠠᠭᠤᠯᠤᠭᠳᠠᠵᠤ᠂ | ᠵᠠᠷᠢᠮ ᠳᠤᠨᠢ ᠪᠠᠰᠠ ᠣᠨᠳᠣᠣ ᠲᠢᠶᠠᠽᠤᠯᠢᠨ ᠺᠧᠲ᠋ᠤᠨ ᠤ ᠲᠦᠷᠦᠯ ᠤᠨ ᠢᠯᠵᠢᠷᠡᠬᠦ ᠶᠢ ᠰᠡᠷᠭᠡᠶᠢᠯᠡᠬᠦ ᠡᠳ᠋ | ᠠᠭᠤᠯᠤᠭᠳᠠᠵᠤ ᠪᠠᠶᠢᠪᠠ᠂ ᠡᠭᠦᠨ ᠢ ᠠᠳᠡᠭᠦᠷᠡᠨ ᠤᠤᠭᠤᠬᠤ ᠦᠭᠡᠢ ᠴᠦ ᠭᠡᠰᠡᠨ ᠬᠡᠦᠬᠡᠳ ᠤᠨ ᠡᠷᠡᠭᠦᠯ ᠮᠡᠨᠳᠦ ᠳᠤ | ᠨᠡᠯᠢᠶᠡᠳ ᠶᠡᠭᠡ ᠠᠶᠤᠯ ᠲᠠᠢ ᠪᠠᠶᠢᠳᠠᠭ᠃ | ᠡᠭᠦᠨ ᠠᠴᠠ ᠡᠮᠦᠨ᠎ᠡ᠂ ᠰᠤᠷᠪᠤᠯᠵᠢᠯᠠᠭᠴᠢ 9 ᠵᠦᠢᠯ ᠤᠨ 14 ᠪᠦᠯᠦᠭ ᠤᠳᠠᠭ᠎ᠠ ᠶᠢᠨ ︽ᠬᠠᠭᠤᠷᠮᠠᠭ ᠤᠰᠤ︾ | ᠶᠢᠨ ᠥᠯᠢᠭᠡᠷ ᠡᠳ᠋ ᠢ ᠬᠤᠳᠠᠯᠳᠤᠨ ᠠᠪᠴᠤ᠂ ᠰᠢᠯᠭᠠᠨ ᠪᠠᠶᠢᠴᠠᠭᠠᠬᠤ ᠪᠠᠶᠢᠭᠤᠯᠤᠮᠵᠢ ᠳᠤ ᠬᠦᠷᠭᠡᠵᠦ ᠬᠢᠮᠢ ᠶᠢᠨ | ᠰᠢᠯᠭᠠᠨ ᠪᠠᠶᠢᠴᠠᠭᠠᠯᠲᠠ ᠬᠢᠯᠭᠡᠭᠰᠡᠨ ᠳᠤ᠂ ᠥᠯᠢᠭᠡᠷ ᠡᠳ᠋ ᠢ ᠰᠢᠯᠭᠠᠨ ᠪᠠᠶᠢᠴᠠᠭᠠᠭᠰᠠᠨ ᠲᠤᠭ᠎ᠠ ᠪᠠᠷᠢᠮᠲᠠ ᠠᠴᠠ | ᠦᠵᠡᠪᠡᠯ᠂ ᠡᠨᠡ 14 ᠪᠦᠯᠦᠭ ᠤᠳᠠᠭ᠎ᠠ ᠶᠢᠨ ︽ᠬᠠᠭᠤᠷᠮᠠᠭ ᠤᠰᠤ︾ ᠶᠢᠨ ᠦᠯᠢᠭᠡᠷ ᠡᠳ᠋ ᠲᠤ ᠡᠸᠦ᠋ᠷᠦᠫᠡ ᠶᠢᠨ | ᠬᠤᠯᠪᠣᠭᠠᠨ ᠤ ᠲᠣᠭᠯᠠᠭᠠᠮ ᠤᠨ ᠠᠮᠤᠷ ᠲᠦᠪᠰᠢᠨ ᠤ ᠬᠢᠵᠠᠭᠠᠷ ᠬᠡᠮᠵᠢᠭᠳᠡᠯ ᠠᠴᠠ ᠳᠠᠪᠠᠭᠰᠠᠨ ᠪᠤᠷ ᠡᠯᠧᠮᠧᠨ᠋ᠲ | ᠠᠭᠤᠯᠤᠭᠳᠠᠵᠤ᠂ ᠬᠠᠮᠤᠭ ᠠᠷᠪᠢᠨ ᠨᠢ ᠪᠠᠷᠤᠭ ᠪᠠᠷᠢᠮᠵᠢᠶ᠎ᠠ ᠠᠴᠠ 6 ᠳᠠᠬᠢᠨ ᠢᠯᠡᠭᠦᠦ ᠬᠡᠲᠦᠷᠡᠵᠡᠢ᠃ | ᠰᠢᠯᠭᠠᠨ ᠪᠠᠶᠢᠴᠠᠭᠠᠯᠲᠠ ᠬᠢᠭᠰᠡᠨ ᠢᠨᠵᠧᠨᠧᠷ ᠰᠤᠷᠪᠤᠯᠵᠢᠯᠠᠭᠴᠢ ᠳᠤ ᠬᠡᠯᠡᠬᠦ ᠳᠡᠭᠡᠨ᠄ ᠳᠤᠮᠳᠠᠳᠤ ᠪᠠᠭ᠎ᠠ | ᠰᠤᠷᠭᠠᠭᠤᠯᠢ ᠶᠢᠨ ᠰᠣᠷᠣᠭᠴᠢ ᠪᠤᠶᠤ ᠬᠡᠦᠬᠡᠳ ︽ᠬᠠᠭᠤᠷᠮᠠᠭ ᠤᠰᠤ︾ ᠨᠠᠭᠠᠳᠬᠤ ᠶᠠᠪᠤᠴᠠ ᠳᠤ᠂ ᠬᠡᠭᠵᠢᠷᠡᠵᠦ | ᠰᠢᠯᠪᠠᠷᠠᠬᠰᠠᠨ ᠠᠷᠠᠰᠤ ᠮᠢᠬ᠎ᠠ ᠵᠢᠴᠢ ᠠᠮᠠ ᠬᠠᠮᠠᠷ ᠲᠠᠭᠠᠨ ᠬᠢᠴᠢᠶᠡᠮᠵᠢ ᠦᠭᠡᠢ ᠪᠠᠷ ᠰᠢᠭᠤᠳ ᠪᠤᠶᠤ ᠳᠠᠮ ᠢᠶᠠᠷ | ᠬᠦᠷᠦᠯᠴᠡᠭᠦᠯᠬᠦ ᠳᠤ ᠬᠦᠷᠪᠡᠯ ᠦᠯᠡᠮᠵᠢ ᠠᠷᠪᠢᠨ ᠪᠤᠷ ᠨᠢ ᠬᠥᠮᠥᠨ ᠤ ᠪᠡᠶ᠎ᠡ ᠳᠤ ᠣᠷᠣᠵᠤ᠂ ᠤᠳᠠᠭᠠᠨ ᠳᠠᠭᠠᠨ | ᠲᠠᠰᠤᠷᠠᠯᠲᠠ ᠦᠭᠡᠢ ᠬᠤᠷᠠᠮᠳᠤᠭᠰᠠᠭᠠᠷ ᠪᠠᠶᠢᠵᠤ᠂ ᠡᠷᠡᠭᠦᠯ ᠮᠡᠨᠳᠦ ᠶᠢᠨ ᠳᠠᠯᠳᠠ ᠬᠡᠮ ᠢ ᠪᠤᠢ ᠪᠣᠯᠭᠠᠳᠠᠭ ᠭᠡᠪᠡ᠃ |